ᠣᠪᠣᠭ᠎ᠠ ᠶᠢᠨ ᠲᠠᠬᠢᠯᠭ᠎ᠠ
ᠨᠡᠶᠢᠲᠡᠯᠡᠭᠰᠡᠨ ᠴᠠᠭ᠄
2022/8/24
              ᠮᠣᠩᠭᠤᠯ ᠨᠣᠳᠤᠭ ᠲᠤ ᠲᠤᠩ ᠣᠯᠠᠨ ᠣᠪᠣᠭ᠎ᠠ ᠪᠠᠶᠢᠳᠠᠭ᠃ ᠣᠪᠣᠭ᠎ᠠ ᠪᠣᠯ ᠮᠣᠩᠭᠤᠯᠴᠤᠳ ᠤᠨ ᠨᠢᠭᠡᠨ ᠰᠢᠳᠦᠭᠡᠨ ᠪᠠᠶᠢᠵᠦ᠂ ᠲᠡᠭᠦᠨ ᠳᠤ ᠲᠤᠰ ᠨᠤᠲᠤᠭ ᠤᠨ ᠭᠠᠵᠠᠷ ᠣᠰᠣᠨ ᠤ ᠡᠵᠡᠳ ᠰᠠᠬᠢᠭᠤᠰᠤ ᠣᠷᠣᠰᠢᠳᠠᠭ ᠭᠡᠯᠴᠡᠨ᠎ᠡ᠂ ᠲᠡᠷᠡ ᠨᠢ ᠲᠤᠰ ᠨᠤᠲᠤᠭ ᠤᠨ ᠬᠦᠮᠦᠨ ᠠᠷᠠᠳ ᠢ ᠦᠷᠦᠰᠢᠶᠡᠨ ᠢᠪᠡᠭᠡᠳᠡᠭ ᠭᠡᠵᠦ ᠦᠵᠡᠳᠡᠭ᠃    ᠡᠷᠳᠡᠨ ᠤ ᠮᠣᠩᠭᠤᠯᠴᠤᠳ ᠲᠡᠭᠷᠢ ᠶᠢᠨ ᠣᠪᠣᠭ᠎ᠠ᠂ ᠭᠠᠵᠠᠷ ᠤᠨ ᠣᠪᠣᠭ᠎ᠠ᠂ ᠬᠦᠮᠦᠨ ᠤ ᠣᠪᠣᠭ᠎ᠠ ᠭᠡᠮᠡᠨ ᠰᠢᠳᠦᠵᠦ ᠪᠠᠶᠢᠭᠰᠠᠨ᠃ ᠣᠪᠣᠭ᠎ᠠ ᠶᠢ ᠠᠯᠳᠠᠨ ᠣᠪᠣᠭ᠎ᠠ᠂ ᠰᠦᠯᠳᠡ ᠣᠪᠣᠭ᠎ᠠ᠂ ᠵᠠᠮ ᠤᠨ ᠣᠪᠣᠭ᠎ᠠ᠂ ᠪᠤᠯᠠᠭ ᠤᠨ ᠣᠪᠣᠭ᠎ᠠ᠂ ᠷᠠᠰᠢᠶᠠᠨ ᠣᠪᠣᠭ᠎ᠠ᠂ ᠲᠠᠯ᠎ᠠ ᠶᠢᠨ ᠣᠪᠣᠭ᠎ᠠ᠂ ᠲᠤᠷᠠᠰᠬᠠᠯ ᠤᠨ ᠣᠪᠣᠭ᠎ᠠ᠂ ᠬᠢᠯᠢ ᠶᠢᠨ ᠵᠠᠭᠠᠭ ᠤᠨ ᠣᠪᠣᠭ᠎ᠠ ᠵᠡᠷᠭᠡ ᠲᠦᠷᠦᠯ ᠵᠦᠢᠯ ᠳᠤ ᠬᠤᠪᠢᠶᠠᠳᠠᠭ᠃    ᠣᠪᠣᠭ᠎ᠠ ᠶᠢ ᠭᠤᠣᠯᠳᠠᠭᠤ ᠲᠠᠪᠤᠨ ᠡᠷᠳᠡᠨᠢ ᠶᠢᠨ ᠵᠦᠢᠯ ᠢᠶᠠᠷ ᠪᠤᠮ ᠲᠠᠷᠤᠵᠤ ᠴᠢᠯᠠᠭᠤ᠂ ᠮᠤᠳᠤ᠂ ᠪᠤᠷᠭᠠᠰᠤ᠂ ᠰᠢᠷᠤᠢ ᠰᠢᠪᠠᠷ ᠢᠶᠠᠷ ᠪᠤᠰᠬᠠᠳᠠᠭ᠃ ᠠᠯᠳᠠᠨ ᠣᠪᠣᠭ᠎ᠠ ᠳᠤ  ᠪᠣᠯ ᠣᠪᠣᠭ᠎ᠠ ᠶᠢᠨ ᠲᠥᠪ ᠲᠤᠮᠳᠠ ᠰᠦᠯᠳᠡ ᠰᠢᠳᠦᠭᠡᠨ ᠳᠤᠭ ᠮᠤᠳᠤ ᠶᠢ ᠪᠤᠯᠠᠵᠤ ᠲᠠᠯᠪᠢᠨ᠎ᠠ᠃    ᠣᠪᠣᠭ᠎ᠠ ᠲᠠᠬᠢᠯᠭ᠎ᠠ ᠶᠢᠨ ᠶᠤᠰᠤ ᠪᠠ ᠲᠠᠬᠢᠬᠤ ᠴᠠᠭ ᠢ ᠴᠦ ᠭᠠᠵᠠᠷ ᠭᠠᠵᠠᠷ ᠠᠳᠠᠯᠢ ᠦᠬᠡᠢ ᠶᠤᠮ᠂ ᠵᠣᠩᠬᠢᠯᠠᠬᠤ ᠤᠯᠠᠨ ᠭᠠᠨᠵᠷ ᠲᠤ ᠣᠪᠣᠭ᠎ᠠ ᠪᠠᠨ ᠵᠤᠨ ᠪᠣᠶᠣ ᠨᠠᠮᠤᠷ ᠤᠨ ᠴᠠᠭ ᠲᠤ ᠦᠷᠯᠦᠭᠡ ᠡᠷᠲᠡ ᠲᠠᠬᠢᠳᠠᠭ᠃   ᠣᠪᠣᠭᠠᠨ ᠤ ᠲᠠᠬᠢᠯᠭ᠎ᠠ ᠶᠢᠨ ᠡᠳᠦᠷ᠂ ᠣᠪᠣᠭ᠎ᠠ ᠳᠤ ᠬᠠᠳᠠ ᠴᠢᠯᠠᠭᠤ ᠨᠡᠮᠡᠵᠦ᠂ ᠤᠷᠤᠢ ᠳᠤ ᠨᠢ ᠪᠤᠷᠭᠠᠰᠤ  ᠪᠤᠲᠠ ᠪᠤᠰᠬᠠᠵᠦ᠂ ᠣᠪᠣᠭ᠎ᠠ ᠪᠠᠨ ᠵᠠᠰᠠᠨ ᠴᠢᠮᠡᠨ᠎ᠡ᠃ ᠣᠪᠣᠭᠠᠨ ᠤ ᠡᠮᠦᠨ᠎ᠡ ᠲᠠᠪᠴᠠᠩ ᠲᠡᠭᠡᠷ᠎ᠡ ᠲᠠᠬᠢᠯᠭ᠎ᠠ ᠶᠢᠨ ᠰᠢᠬᠦᠰᠦ᠂ ᠢᠳᠡᠭᠡᠨ ᠦᠷᠦᠵᠦ᠂ ᠠᠷᠴᠠ ᠬᠦᠵᠢ ᠶᠢᠨ ᠰᠠᠩ ᠲᠠᠯᠪᠢᠵᠦ᠂ ᠣᠪᠣᠭᠠᠨ ᠲᠠᠬᠢᠯᠭ᠎ᠠ ᠶᠢᠨ ᠰᠠᠩ ᠢ ᠤᠩᠰᠢᠵᠦ᠂ ᠣᠪᠣᠭᠠᠨ ᠤ ᠲᠠᠭᠠᠳᠬᠠᠯ ᠬᠢᠵᠦ ᠮᠦᠷᠬᠦᠨ᠎ᠡ᠃    ᠰᠦ ᠰᠠᠷᠬᠤᠳ᠂ ᠴᠠᠢ ᠪᠠᠨ ᠰᠠᠴᠤᠯᠢ ᠡᠷᠬᠦᠵᠦ᠂ ᠲᠠᠬᠢᠯᠭ᠎ᠠ ᠶᠢᠨ ᠰᠠᠴᠤᠯᠢ ᠶᠢᠨ ᠥᠴᠢᠭ ᠢ ᠤᠩᠰᠢᠨ᠎ᠠ᠃ ᠣᠪᠣᠭ᠎ᠠ ᠶᠢ ᠶᠠᠮᠠᠷ ᠬᠦᠮᠦᠨ᠂ ᠶᠠᠮᠠᠷ ᠣᠪᠣᠭ ᠤᠭᠰᠠᠭᠠᠲᠠᠨ ᠪᠤᠰᠬᠠᠭᠰᠠᠨ ᠪᠣᠯ ᠲᠡᠷᠡ ᠬᠦᠮᠦᠨ ᠡᠷᠬᠢᠯᠡᠨ ᠬᠢᠳᠡᠭ ᠶᠣᠰᠣ ᠲᠠᠢ᠃ ᠣᠪᠣᠭᠠᠨ ᠤ ᠨᠠᠶᠢᠷ ᠢ ᠡᠷᠡᠭᠳᠡᠢ ᠬᠦᠮᠦᠨ ᠡᠷᠬᠢᠯᠡᠨ ᠬᠦᠢᠴᠡᠳᠭᠡᠨ᠎ᠡ  ᠂ ᠲᠠᠷᠠᠭ᠎ᠠ ᠎ ᠨᠢ ᠡᠷ᠎ᠡ ᠶᠢᠨ ᠭᠤᠷᠪᠠᠨ ᠨᠠᠭᠠᠳᠤᠮ ᠪᠣᠯᠵᠣ᠂ ᠮᠦᠷᠦᠶᠢᠴᠡᠭᠡᠨ ᠤ ᠱᠠᠩᠨᠠᠯ ᠣᠯᠭᠤᠨ᠎ᠠ᠃ ᠤᠯᠠᠨ ᠢᠶᠠᠷ ᠢᠶᠠᠨ ᠣᠪᠣᠭ᠎ᠠ ᠶᠢᠨ ᠲᠠᠬᠢᠯᠭ᠎ᠠ ᠶᠢᠨ ᠢᠳᠡᠭᠡᠨ ᠢᠶᠠᠨ ᠡᠷᠬᠦᠵᠦ ᠢᠷᠡᠬᠦ ᠵᠢᠯ ᠤᠨ ᠮᠠᠯ᠂ ᠲᠠᠷᠢᠶᠠᠨ ᠤ ᠡᠯᠪᠡᠭ ᠬᠤᠷᠢᠶᠠᠯᠲᠠ᠂ ᠪᠤᠶᠠᠨ ᠭᠡᠰᠢᠭ᠂ ᠮᠣᠩᠭᠤᠯ ᠨᠤᠲᠤᠭ ᠤᠨ ᠡᠩᠬᠡ ᠠᠮᠤᠭᠤᠯᠠᠩ ᠢ ᠬᠦᠰᠡᠨ ᠢᠷᠦᠭᠡᠵᠦ ᠳᠠᠯᠠᠯᠳᠠᠭ᠃ ᠢᠩᠬᠢᠪᠡᠯ ᠤᠯᠠᠨ ᠢᠶᠠᠷ ᠢᠶᠠᠨ ᠲᠠᠬᠢᠯᠭ᠎ᠠ ᠶᠢᠨ ᠭᠡᠰᠢᠭ ᠤᠨ ᠮᠢᠬ᠎ᠠ ᠪᠤᠭᠤᠷᠰᠤᠭ ᠢᠶᠠᠨ ᠬᠤᠪᠢᠶᠠᠨ ᠢᠳᠡᠬᠦ ᠪᠣᠶᠣ ᠠᠶᠢᠯ ᠤᠯᠠᠨ ᠳᠤ ᠪᠠᠨ ᠣᠪᠣᠭᠠᠨ ᠤ ᠭᠡᠰᠢᠭ ᠢ ᠲᠦᠭᠡᠭᠡᠵᠦ ᠦᠭᠳᠡᠭ᠃
ᠢᠷᠡᠯᠲᠡ᠄ ᠲᠤᠰ ᠰᠦᠯᠵᠢᠶ᠎ᠡ