ᠬᠠᠷ᠎ᠠ ᠠᠷᠢᠬᠢᠨ ᠠᠴᠠ ᠬᠤᠯᠠᠬᠠᠨ ᠪᠠᠶᠢᠭᠠᠷᠠᠢ
ᠨᠡᠶᠢᠲᠡᠯᠡᠭᠰᠡᠨ ᠴᠠᠭ᠄
2022/8/23
ᠶ᠊ ᠰᠡᠴᠡᠨᠴᠢᠮᠡᠭ ᠰᠠᠷᠠᠭᠤᠯ ᠬᠤᠷᠴᠠ ᠤᠶᠤᠨ ᠢ ᠴᠢᠨᠢ ᠰᠠᠮᠠᠭᠤᠨ ᠰᠠᠳᠤᠷ ᠪᠤᠯᠭᠠᠵᠤ ᠰᠠᠶᠢᠬᠠᠨ ᠪᠦᠳᠦᠨ ᠭᠡᠷ ᠢ ᠴᠢᠨᠢ ᠰᠠᠷᠨᠢᠭᠤᠯᠵᠤ ᠪᠤᠳᠠᠷᠬᠠᠢ ᠪᠤᠯᠭᠠᠭᠠᠳ ᠰᠠᠳᠤᠨ ᠲᠦᠷᠦᠯ ᠨᠠᠶᠢᠵᠠ ᠶᠢ ᠴᠢᠨᠢ ᠰᠠᠯᠭᠠᠵᠤ ᠡᠷᠯᠢᠭ ᠲᠤ ᠠᠪᠠᠴᠢᠳᠠᠭ ᠰᠠᠨᠠᠭ᠎ᠠ ᠮᠠᠭᠤᠳᠡᠢ ᠠᠷᠢᠬᠢᠨ ᠠᠴᠠ ᠱᠠᠯᠠᠪᠳᠤᠵᠤ ᠬᠤᠯᠠᠬᠠᠨ ᠪᠠᠶᠢᠭᠠᠷᠠᠢ ᠬᠠᠶᠢᠷᠠᠳᠠᠢ ᠨᠠᠶᠢᠷᠳᠡᠢ ᠵᠠᠩ ᠢ ᠴᠢᠨᠢ ᠬᠠᠷᠬᠢᠰ ᠪᠠᠯᠠᠮᠠᠳ ᠪᠤᠯᠭᠠᠵᠤ ᠬᠠᠮᠤᠭ ᠤᠨ ᠰᠠᠶᠢᠬᠠᠨ ᠬᠦᠰᠡᠯ ᠢ ᠴᠢᠨᠢ ᠬᠠᠳᠠᠨ ᠲᠤᠥᠷ᠎ᠠ ᠪᠤᠯᠠᠰᠢᠯᠠᠭᠠᠳ ᠬᠠᠯᠠᠭᠤᠨ ᠲᠤᠯᠠᠭᠠᠨ ᠠᠮᠢᠳᠤᠷᠠᠯ ᠢ ᠴᠢᠨᠢ ᠬᠠᠷᠠᠩᠭᠤᠢ ᠵᠠᠮ ᠳᠤ ᠤᠷᠤᠭᠤᠯᠳᠠᠭ ᠬᠠᠷᠠᠳᠠᠢ ᠬᠤᠥᠷᠠᠳᠡᠢ ᠠᠷᠢᠬᠢᠨ ᠠᠴᠠ ᠬᠠᠰᠢ ᠯᠠ ᠬᠤᠯᠠᠬᠠᠨ ᠪᠠᠶᠢᠭᠠᠷᠠᠢ ᠠᠶᠤᠵᠤ ᠢᠴᠢᠬᠦ ᠨᠢᠭᠤᠷ ᠢ ᠴᠢᠨᠢ ᠠᠷᠠᠰᠤ ᠰᠢᠷᠢ ᠪᠠᠷ ᠪᠢᠳᠡᠬᠦᠯᠡᠵᠦ ᠠᠷᠢᠭᠤᠨ ᠴᠠᠭᠠᠨ ᠰᠡᠳᠬᠢᠯ ᠢ ᠴᠢᠨᠢ ᠠᠷᠳᠠᠭ ᠲᠤᠭᠰᠢᠨ ᠪᠤᠯᠭᠠᠭᠠᠳ ᠠᠵᠢᠯ ᠦᠢᠯᠡᠰ ᠬᠤᠶᠠᠷ ᠢ ᠴᠢᠨᠢ ᠠᠪᠴᠢᠭᠤᠯᠵᠤ ᠭᠡᠳᠡᠷᠬᠦ ᠪᠤᠴᠠᠭᠠᠳᠠᠭ ᠠᠳᠠᠭ ᠤᠨ ᠮᠠᠭᠤᠬᠠᠢ ᠠᠷᠢᠬᠢᠨ ᠠᠴᠠ ᠠᠰᠢᠳᠠ ᠬᠤᠯᠠᠬᠠᠨ ᠪᠠᠶᠢᠭᠠᠷᠠᠢ ᠮᠡᠷᠭᠡᠨ ᠴᠠᠭᠠᠨ ᠲᠠᠷᠢᠬᠢ ᠶᠢ ᠴᠢᠨᠢ ᠮᠡᠨᠡᠭ ᠵᠦᠨᠦᠭ ᠪᠤᠯᠭᠠᠵᠤ ᠮᠡᠳᠡᠷᠡᠯ ᠤᠬᠠᠭᠠᠨ ᠬᠤᠶᠠᠷ ᠢ ᠴᠢᠨᠢ ᠮᠡᠳᠡᠭᠡ ᠲᠤᠮᠤᠭ᠎ᠠ ᠠᠯᠳᠠᠭᠤᠯᠤᠭᠠᠳ ᠮᠡᠨᠳᠦ ᠡᠷᠡᠬᠦᠯ  ᠪᠡᠶ᠎ᠡ ᠶᠢ ᠴᠢᠨᠢ ᠮᠡᠰᠡᠨ ᠰᠡᠯᠡᠮ᠎ᠡ ᠳᠤ ᠤᠴᠠᠷᠠᠭᠤᠯᠳᠠᠭ ᠮᠢᠨᠴᠦᠬᠦᠥ ᠬᠦᠯᠴᠦᠬᠦᠥ ᠠᠷᠢᠬᠢᠨ ᠠᠴᠠ ᠮᠦᠩᠭᠡᠳᠡ ᠬᠤᠯᠠᠬᠠᠨ ᠪᠠᠶᠢᠭᠠᠷᠠᠢ            
ᠢᠷᠡᠯᠲᠡ᠄ ᠲᠤᠰ ᠰᠦᠯᠵᠢᠶ᠎ᠡ