ᠮᠠᠯ ᠢᠶᠠᠨ ᠬᠠᠷᠠᠬᠤ ᠤᠤ᠂ ᠮᠠᠵᠢᠶᠠᠩ ᠨᠠᠭᠠᠳᠬᠤ ᠤᠤ
ᠨᠡᠶᠢᠲᠡᠯᠡᠭᠰᠡᠨ ᠴᠠᠭ᠄
2022/8/23
ᠪᠤᠶᠠᠨᠲᠤ       ᠮᠠᠯ  ᠤᠨ ᠪᠣᠶᠠᠨ ᠲᠠᠢ ᠶᠠᠪᠣᠭ᠎ᠠ ᠮᠠᠨᠠᠶᠢᠬᠢᠨ ᠮᠠᠵᠢᠶᠠᠩ  ᠤᠨ ᠰᠢᠷᠡᠭᠡ ᠮᠠᠨᠠᠬᠤ ᠪᠣᠯᠣᠯ᠎ᠠ ᠮᠠᠯ  ᠢᠶᠠᠨ ᠬᠠᠷᠠᠭᠠᠳ ᠪᠠᠶᠠᠰᠳᠠᠭ ᠮᠠᠯᠴᠢᠨ ᠬᠦᠮᠦᠨ ᠮᠠᠵᠢᠶᠠᠩ  ᠤᠨ ᠰᠢᠷᠡᠭᠡᠨ ᠲᠡᠭᠡᠷ᠎ᠠ ᠶᠠᠭᠠᠷᠠᠬᠤ ᠪᠣᠯᠣᠯ᠎ᠠ ᠮᠠᠯ ᠤᠨ ᠬᠠᠰᠢᠶᠠᠨ ᠠᠴᠠ ᠮᠠᠶᠢᠯᠠᠬᠤ ᠲᠠᠭᠤᠨ ᠭᠠᠩᠰᠠᠷᠠᠵᠤ ᠮᠠᠵᠢᠶᠠᠩ  ᠤᠨ  ᠰᠢᠷᠡᠭᠡᠨ ᠠᠴᠠ ᠨᠠᠷᠬᠢᠶᠠᠬᠤ ᠲᠠᠭᠤᠨ  ᠴᠣᠣᠷᠢᠶᠠᠳᠣᠵᠤ ᠪᠠᠶᠢᠨ᠎ᠠ ᠭᠠᠩ ᠬᠠᠭᠰᠠᠷᠭᠠᠨ ᠵᠣᠳ ᠲᠠᠢ ᠪᠠᠶᠢᠭᠰᠠᠨ ᠴᠤ ᠭᠠᠷ  ᠤᠨ ᠲᠡᠮ  ᠢᠶᠠᠷ ᠮᠠᠵᠢᠶᠠᠩ ᠨᠣᠬᠤᠯᠠᠵᠤ ᠭᠠᠷᠣᠯᠭ᠎ᠠ ᠣᠷᠣᠯᠭ᠎ᠠ ᠪᠠᠨ ᠲᠡᠩᠴᠡᠬᠦᠯᠬᠦ ᠪᠠᠷ ᠭᠠᠭᠴᠠ ᠵᠣᠷᠢᠭ  ᠢᠶᠠᠷ ᠲᠡᠮᠡᠤᠯᠡᠵᠤ ᠪᠠᠶᠢᠭ᠎ᠠ ᠨᠢ ᠡᠨᠡ ᠭᠡᠬᠦ ᠤᠤ ᠳ᠋ᠠ ᠲᠡᠭᠷᠢ ᠰᠢᠭ ᠠᠭᠤᠳᠠᠮ ᠨᠣᠲᠤᠭ ᠢᠶᠠᠨ ᠣᠮᠠᠷᠳᠠᠵᠤ ᠲᠡᠭᠵᠢᠷᠡᠵᠤ  ᠲᠡᠩᠬᠡᠬᠡᠷᠡᠭᠦ ᠵᠠᠮ ᠢᠶᠠᠨ ᠪᠤᠷᠣᠭᠤ ᠰᠣᠩᠭᠤᠬᠤ ᠨᠢ ᠤᠤ︖ ᠬᠦᠳᠡᠭᠡ ᠨᠣᠲᠤᠭ  ᠠᠴᠠ ᠬᠤᠳᠠ ᠪᠠᠯᠭᠠᠰᠣ ᠪᠣᠯᠳᠠᠯ᠎ᠠ ᠨᠠᠭᠠᠳᠬᠤ ᠪᠣᠯᠣᠭᠰᠠᠨ ᠭᠡᠨ᠎ᠠ ᠬᠦᠭᠰᠢᠳ ᠪᠣᠭᠤᠷᠣᠯ  ᠠᠴᠠ ᠡᠬᠢᠯᠡᠭᠡᠳ ᠬᠡᠣᠭᠡᠳ ᠵᠠᠯᠠᠭᠤᠴᠣᠣᠨ ᠨᠢ ᠬᠦᠷᠲᠡᠯ᠎ᠠ ᠢᠮᠡᠷᠴᠣ ᠰᠠᠭᠤᠳᠠᠭ ᠪᠣᠯᠣᠭᠰᠠᠨ ᠭᠡᠨ᠎ᠠ ᠬᠠᠳᠠᠮ ᠡᠴᠢᠭᠡ ᠪᠣᠯᠣᠨ ᠬᠠᠷᠢ  ᠳᠤ ᠮᠣᠷᠳᠠᠭᠰᠠᠨ ᠪᠡᠷᠢ ᠬᠤᠶᠠᠭᠤᠯᠠ ᠬᠠᠮᠳᠣ ᠨᠠᠭᠠᠳᠬᠤ ᠶᠣᠮ ᠭᠡᠨ᠎ᠠ ᠬᠠᠳᠠ ᠰᠢᠭ᠋ ᠬᠠᠲᠠᠭᠤ ᠮᠣᠩᠭᠤᠯ ᠶᠣᠰᠣ ᠪᠠᠨ ᠭᠡᠭᠡᠵᠤ ᠬᠠᠯᠠᠭᠤᠨ ᠡᠯᠢᠭᠡᠰᠡᠭ ᠭᠡᠷ ᠪᠦᠯᠢ ᠪᠣᠯᠵᠤ ᠪᠠᠶᠢᠭ᠎ᠠ ᠨᠢ ᠡᠨᠡ ᠬᠡᠬᠦ ᠤᠤ ᠳ᠋ᠠ︖ ᠨᠠᠢᠮᠠᠨ ᠰᠠᠷ᠎ᠠ  ᠶᠢᠨ ᠨᠠᠷᠠ ᠨᠠᠶᠢᠷ ᠲᠠᠯᠪᠢᠯ ᠦᠭᠡᠢ ᠲᠦᠭᠡᠨᠡᠯ᠎ᠠ ᠨᠠᠭᠠᠳᠣᠬᠢ ᠬᠤᠷᠣᠭᠠᠨ ᠲᠣᠳᠣᠷᠠᠬᠢ  ᠮᠠᠯ ᠨᠠᠩᠬᠢ ᠲᠣᠭᠤᠰᠤ ᠪᠣᠵᠢᠬᠢᠨᠠᠭᠤᠯᠣᠨ ᠬᠤᠳᠳᠤᠭ ᠴᠢᠭᠯᠡᠨ᠎ᠡ ᠬᠤᠣᠳᠤᠭ ᠣᠶᠢᠷᠬᠠᠨ ᠪᠠᠶᠢᠭᠰᠠᠨ ᠴᠤ ᠬᠤᠭᠤᠯᠠᠢ ᠨᠣᠷᠭᠠᠬᠤ ᠣᠰᠣ ᠦᠭᠡᠢ ᠣᠩᠭᠤᠴᠠ ᠣᠷᠣ ᠰᠠᠬᠢᠨ᠎ᠠ ᠬᠤᠨᠤᠭᠤᠳᠠ ᠦᠨᠵᠢᠭᠦᠳᠠ ᠪᠠᠷ ᠬᠠᠭᠰᠠᠭᠰᠠᠨ ᠮᠠᠯ ᠬᠤᠪᠣᠭᠤ ᠣᠣᠬᠤᠭᠤᠷ  ᠢ ᠡᠯᠭᠦᠵᠤ ᠰᠦᠷᠦᠭ  ᠦᠷᠭᠦᠭᠡᠨ᠎ᠠ ᠭᠠᠯ ᠬᠠᠯᠠᠭᠤᠨ ᠨᠠᠷᠠ ᠢᠯᠴᠢ ᠪᠠᠨ ᠭᠠᠮᠨᠠᠯ ᠦᠭᠡᠢ ᠲᠦᠭᠡᠭᠡᠨ᠎ᠠ ᠭᠠᠩ ᠲᠠᠢ ᠵᠢᠯ  ᠤᠨ ᠮᠠᠯ ᠲᠠᠷ ᠢᠶᠠᠨ ᠭᠡᠭᠡᠵᠤ ᠵᠢᠪᠬᠤᠭ᠎ᠠ ᠮᠠᠭᠤᠳᠠᠢ ᠬᠠᠷᠠᠭᠳᠠᠨ᠎ᠠ ᠬᠤᠨᠢ ᠬᠤᠷᠠᠭᠠᠳ ᠮᠠᠶᠢᠯᠠᠨ ᠡᠪᠡᠰᠤ ᠪᠣᠷᠳᠤᠭ᠎ᠠ ᠪᠠᠨ ᠨᠡᠭᠡᠭᠡᠵᠤ ᠪᠠᠶᠢᠭ᠎ᠠ ᠴᠤ ᠶᠣᠮ ᠰᠢᠭ᠋ ᠬᠤᠵᠢᠬᠢᠷ ᠨᠢᠷᠣᠭᠤ ᠲᠠᠢ ᠢᠮᠠᠭ᠎ᠠ  ᠶᠢ ᠢᠯᠠᠭ᠎ᠠ ᠡᠭᠦᠷᠳᠦᠭᠦᠯᠦᠨ᠎ᠠ ᠦᠳᠠ  ᠶᠢᠨ ᠨᠠᠷᠠ ᠬᠡᠯᠪᠡᠶᠢᠵᠤ ᠪᠠᠶᠢᠭᠰᠠᠨ ᠴᠤ ᠦᠨᠵᠢᠭᠰᠡᠨ ᠮᠠᠯ  ᠤᠳ ᠬᠤᠳᠳᠤᠭ ᠬᠤᠮᠤᠷᠤᠭᠰᠠᠭᠠᠷ ᠡᠨᠡ ᠪᠦᠬᠦᠳᠠ  ᠶᠢ ᠬᠠᠷᠠᠭᠠᠳ ᠠᠶᠢᠯ  ᠤᠨ ᠡᠮᠧ ᠶᠠᠭᠠᠷᠠᠯ᠎ᠠ ᠮᠠᠵᠢᠶᠠᠩ ᠨᠠᠭᠠᠳᠴᠣ᠂ ᠮᠠᠯ ᠢᠶᠠᠨ ᠮᠠᠷᠲᠠᠭᠰᠠᠨ ᠮᠠᠭᠤ ᠰᠠᠶᠢᠠ ︽ ᠬᠠᠷᠠᠯᠠᠭ ᠤᠳ︾ ᠬᠡᠭᠰᠡᠭᠡᠷ ᠮᠠᠯ  ᠤᠨ ᠬᠤᠳᠳᠤᠭ ᠣᠷᠣᠭᠤ  ᠮᠠᠶᠢᠵᠢᠬᠢᠨᠡᠨ ᠠᠯᠬᠤᠯ᠎ᠠ ᠭᠠᠳᠠᠨᠠᠬᠢ ᠨᠠᠷᠠ ᠭᠠᠯ ᠠᠪᠣᠯᠴᠠᠭᠤᠯᠣᠮᠠᠷ ᠰᠢᠷᠠᠵᠤ ᠪᠠᠶᠢᠭᠰᠠᠨ  ᠢ ᠭᠠᠳᠠᠨ᠎ᠠ ᠭᠠᠷᠤᠭ᠎ᠠ ᠦᠭᠡᠢ ᠡᠳᠡᠨᠠᠷ ᠶᠠᠭᠠᠬᠢᠵᠤ ᠮᠡᠳᠡᠭᠦ ᠪᠣᠢ ᠦᠷᠦᠭᠡ ᠭᠡᠷ  ᠤᠨ ᠦᠨᠦᠷ ᠲᠠᠨᠠᠷ  ᠢ ᠬᠡᠯᠡᠬᠦ ᠤᠤ ᠦᠵᠦᠭᠦᠷ ᠪᠠᠯᠭᠠᠰᠣᠨ  ᠤ ᠦᠨᠦᠷ ᠲᠠᠨᠠᠷ  ᠠᠴᠠ  ᠰᠠᠭᠤᠭᠳᠠᠬᠤ ᠦᠭᠡᠢ ᠶᠣᠮ ᠮᠠᠵᠢᠶᠠᠩ ᠭᠤᠸᠠᠨᠵᠠᠨ  ᠤ ᠡᠵᠡᠭᠳᠠᠢ  ᠶᠢᠨ ᠮᠠᠯ ᠨᠢ ᠮᠠᠭᠤ ᠴᠤ ᠮᠠᠵᠢᠶᠠᠩ  ᠤᠨ ᠠᠨᠳᠠ ᠨᠠᠷ ᠢᠶᠠᠨ ᠵᠣᠴᠢᠯᠠᠬᠤ ᠨᠢ ᠰᠠᠶᠢᠨ ᠭᠡᠨ᠎ᠠ ᠰᠢᠣ ᠮᠠᠯᠴᠢᠨ ᠣᠳᠣᠮ ᠲᠠᠢ ᠲᠦᠷᠦᠭᠰᠡᠨ ᠴᠤ ᠦᠢᠯᠡᠴᠢᠯᠡᠭᠴᠢ ᠶᠢᠨ ᠵᠠᠶᠠᠭ᠎ᠠ ᠨᠣᠭᠳᠠᠭᠰᠠᠨ ᠭᠡᠬᠦ  ᠤᠤ ᠳ᠋ᠠ ᠮᠠᠵᠢᠶᠠᠩ  ᠤᠨ ᠭᠤᠸᠠᠨᠵᠠᠨ  ᠳᠤ ᠬᠦᠯ ᠬᠦᠩᠭᠡᠨ ᠪᠠᠶᠢᠬᠤ  ᠶᠢ ᠨᠢ ᠬᠠᠷᠠᠬᠤ  ᠠᠴᠠ ᠮᠠᠯ ᠢᠶᠠᠨ ᠣᠰᠣᠯᠠᠵᠤ ᠪᠣᠯᠳᠠᠭ ᠦᠭᠡᠢ ᠶᠣᠮ ᠤᠤ ᠭᠡᠵᠤ ᠠᠰᠠᠭᠤᠮᠠᠷ ᠰᠠᠨᠠᠭᠳᠠᠬᠤ ᠶᠣᠮ ᠦᠷᠯᠦᠭᠡᠭᠦᠷ ᠡᠬᠢᠯᠡᠭᠰᠡᠨ  ᠮᠠᠵᠢᠶᠠᠩ  ᠤᠨ ᠰᠢᠷᠡᠭᠡ ᠦᠳᠡᠰᠢ ᠣᠷᠣᠢ ᠪᠣᠯᠵᠤ ᠲᠠᠷᠬᠠᠬᠤ ᠪᠢᠵᠠ ᠭᠡᠰᠡᠨ ᠴᠢᠨᠢ ᠦᠢᠯᠡᠴᠢᠯᠡᠭᠴᠢ  ᠶᠢᠨ ᠣᠪᠣᠷ ᠰᠠᠶᠢᠨ  ᠠᠴᠠ ᠪᠣᠯᠣᠭᠰᠠᠨ ᠤᠤ ︽ᠦᠭᠡᠢ︾  ᠬᠢᠵᠤ ᠠᠯᠳᠠᠭᠰᠠᠨ  ᠢᠶᠠᠨ ᠣᠯᠣᠨ᠎ᠠ ᠭᠡᠵᠤ ᠮᠠᠷᠠᠶᠢᠭᠰᠠᠨ  ᠠᠴᠠ ᠪᠣᠯᠣᠭᠰᠠᠨ ᠤᠤ ᠲᠠᠷᠬᠠᠬᠤ ᠰᠢᠨᠵᠢ ᠬᠤᠯᠠ ᠪᠠᠶᠢᠯ᠎ᠠ ᠮᠣᠷᠢ ᠬᠠᠷᠠᠬᠤ ᠴᠠᠭ  ᠪᠣᠯᠣᠭᠰᠠᠨ ᠴᠤ ᠮᠦᠷᠦᠢ ᠲᠠᠢ ᠲᠣᠭᠯᠠᠭᠠᠮ  ᠳᠤ ᠪᠠᠨ ᠰᠢᠳᠠᠨ᠎ᠠ ᠮᠦᠨ ᠪᠡᠶ᠎ᠡ  ᠶᠢ ᠢᠩᠬᠢᠵᠤ ᠵᠣᠪᠠᠭᠠᠵᠤ ᠪᠠᠶᠢᠪᠠᠯ ᠨᠢᠭᠡ ᠶᠠᠭᠤᠮ᠎ᠠ ᠪᠦᠲᠦᠭᠡᠨ᠎ᠠ ᠳ᠋ᠠ  ︕ ᠨᠠᠭᠠᠳᠣᠮ  ᠳᠤ  ᠰᠢᠨᠣᠭᠰᠠᠨ ᠵᠠᠷᠢᠮ ᠨᠢᠭᠡ ᠨᠢ ᠨᠠᠭᠠᠳᠣᠬᠢ ᠠᠴᠠ ᠪᠠᠨ ᠮᠦᠩᠬᠦ ᠵᠢᠭᠡᠯᠡᠵᠤ ᠡᠬᠢᠯᠠᠯ᠎ᠠ ᠨᠠᠭᠠᠳᠣᠮ  ᠤᠨ ᠰᠢᠷᠡᠭᠡᠨ ᠲᠡᠭᠡᠷ᠎ᠠ ᠨᠠᠶᠢᠷ ᠲᠠᠢ ᠲᠠᠯ᠎ᠠ ᠲᠠᠢ ᠶᠠᠪᠣᠬᠤ ᠨᠢ ᠰᠠᠶᠢᠨ ᠭᠡᠨ᠎ᠠ ᠰᠢᠤ᠂ ᠲᠣᠯᠣᠭᠠᠢ ᠡᠪᠡᠳᠬᠦ  ᠶᠢ ᠵᠣᠭᠰᠣᠭᠠᠬᠤ ᠡᠮ  ᠢ ᠲᠠᠷᠭᠤᠨ ᠯᠣᠩᠬᠤ ᠲᠠᠢ ᠨᠢ ᠲᠠᠯᠪᠢᠭᠰᠠᠨ ᠪᠠᠶᠢᠯ᠎ᠠ ᠲᠤᠭ᠎ᠠ ᠲᠠᠢ ᠬᠤᠶᠠᠷ ᠣᠣᠭᠤᠳᠠᠭ  ᠢ ᠨᠢ ᠲᠣᠮᠵᠢᠶ᠎ᠠ ᠪᠠᠨ ᠠᠯᠳᠠᠭᠰᠠᠨ ᠲᠠᠨᠠᠷ ᠠᠩᠬᠠᠷᠬᠤ ᠪᠣᠯᠣᠭᠠᠰᠠᠢ ᠮᠠᠶᠢᠵᠢᠬᠢᠷ ᠡᠵᠢ  ᠶᠢᠨ ᠰᠠᠶᠢᠨ  ᠢᠶᠠᠷ ᠮᠠᠯ  ᠤᠨ ᠬᠦᠵᠡᠭᠡ ᠲᠡᠨᠡᠶᠢᠯ᠎ᠠ ᠮᠠᠯᠴᠢᠨ ᠬᠦᠮᠦᠨ  ᠳᠤ ᠯᠠ ᠪᠠᠶᠢᠳᠠᠭ ᠮᠠᠨᠠᠶᠢᠬᠢ ᠲᠠᠨᠠᠶᠢᠬᠢ  ᠶᠢ ᠢᠯᠠᠭᠠᠳᠠᠭ ᠦᠭᠡᠢ ᠵᠠᠩ ᠶᠠᠭᠤᠳᠠᠢ ᠰᠠᠶᠢᠬᠠᠨ ᠥᠨᠵᠢᠭᠳᠡᠵᠤ ᠪᠠᠶᠢᠭᠠᠳ ᠬᠠᠰᠢᠷᠠᠴᠢᠬᠠᠭᠰᠠᠨ ᠮᠠᠯ ᠦᠯᠦᠨ ᠭᠡᠳᠡᠰᠣ ᠪᠠᠨ ᠣᠰᠣ ᠪᠠᠷ ᠰᠠᠶᠢᠨ ᠲᠦᠭᠦᠷᠭᠡᠭᠰᠡᠨ ᠨᠢ ᠢᠯᠡᠭᠡᠨ ᠪᠠᠶᠢᠨ᠎ᠠ ᠦᠷᠦᠭᠡᠯ ᠪᠣᠰᠣᠣᠨ  ᠤᠨ ᠮᠠᠯ ᠢ ᠴᠤ ᠦᠪᠡᠷ  ᠤᠨ ᠬᠢ ᠰᠢᠭ ᠦᠵᠡᠳᠡᠭ ᠦᠷᠴᠢᠯᠡᠭᠡᠰᠣ ᠲᠠᠢ ᠪᠣᠭᠤᠷᠣᠯ ᠡᠮᠧ ᠲᠠ ᠮᠢᠨᠤ ᠨᠣᠲᠤᠭ  ᠤᠨ ᠡᠷᠳᠡᠨᠢ ᠰᠢᠤ ᠮᠠᠵᠢᠶᠠᠩ ᠨᠠᠭᠠᠳᠣᠨ ᠪᠠᠶᠠᠵᠢᠭᠰᠠᠨ  ᠢ ᠨᠢ ᠰᠣᠨᠣᠰᠤᠭ᠎ᠠ ᠦᠭᠡᠢ ᠰᠢᠤ ᠮᠠᠯ  ᠤᠨ ᠬᠠᠰᠢᠶ᠎ᠠ  ᠎ ᠪᠠᠨ ᠬᠤᠷᠢᠶᠠᠬᠤ  ᠳᠤ ᠬᠦᠷᠦᠭᠰᠡᠨ  ᠢ ᠨᠢ ᠬᠠᠷᠢᠨ ᠰᠣᠨᠣᠰᠣᠭᠰᠠᠨ ᠮᠠᠵᠢᠶᠠᠩ ᠨᠠᠭᠠᠳᠣᠨ ᠪᠠᠶᠠᠷ ᠪᠠᠶᠠᠰᠣᠯ ᠣᠯᠣᠯ᠎ᠠ ᠭᠡᠰᠡᠨ  ᠢ ᠨᠢ ᠰᠣᠨᠣᠰᠤᠭ᠎ᠠ ᠦᠭᠡᠢ ᠮᠠᠵᠢᠶᠠᠩ ᠠᠴᠠ ᠪᠣᠯᠣᠭᠠᠳ ᠮᠠᠷᠭᠤᠭᠠᠨ ᠵᠦᠷᠢᠭᠡᠨ ᠡᠭᠦᠰᠴᠤ ᠪᠠᠶᠢᠬᠤ  ᠶᠢ ᠨᠢ ᠰᠣᠨᠣᠰᠣᠭᠰᠠᠨ ᠬᠠᠷ᠎ᠠ ᠮᠦᠷ ᠲᠠᠢ ᠲᠣᠭᠯᠠᠭᠠᠮ ᠰᠢᠣ ᠬᠠᠯᠳᠠᠵᠤ ᠪᠣᠤ ᠣᠶᠢᠷᠠᠳᠣᠭᠠᠷᠠᠢ ᠬᠠᠮᠤᠭ ᠬᠦᠷᠦᠩᠭᠡ  ᠶᠢ ᠴᠢᠨᠢ ᠦᠷᠡᠨ᠎ᠠ ᠰᠢᠣ ᠭᠡᠵᠤ ᠬᠠᠲᠠᠭᠤ ᠰᠣᠷᠭᠠᠯ  ᠢ  ᠰᠠᠨᠠᠭᠲᠣᠨᠡᠷᠳᠠ ᠲᠡᠭᠡᠳᠣ  ᠠᠴᠠ ᠪᠢᠳᠠ ᠡᠷ᠎ᠠ  ᠶᠢᠨ ᠭᠤᠷᠪᠠᠨ ᠨᠠᠭᠠᠳᠣᠮ  ᠳᠤ ᠰᠢᠨᠣᠳᠠᠭ ᠪᠠᠶᠢᠭᠰᠠᠨ ᠶᠣᠮᠡᠷᠡᠨ ᠴᠠᠭ  ᠲᠤ ᠬᠦᠷᠴᠤ ᠢᠷᠡᠭᠰᠡᠨ ᠴᠤ ᠡᠷᠳᠠᠮ ᠨᠣᠮ  ᠳᠤ ᠰᠢᠨᠣᠯ ᠲᠠᠢ ᠪᠠᠶᠢᠶ᠎ᠠ ᠪᠢᠳᠠᠮᠠᠯ  ᠤᠨ ᠮᠦᠷ  ᠢᠶᠠᠷ ᠲᠣᠰᠤ ᠭᠡᠳᠡᠭ  ᠢᠶᠠᠷ ᠮᠠᠯ ᠢᠶᠠᠨ ᠦᠰᠭᠡᠶ᠎ᠠ ᠪᠢᠳᠠᠮᠠᠯᠴᠢᠨ ᠣᠳᠣᠮ  ᠢᠶᠠᠨ ᠰᠠᠬᠢᠵᠤ᠂ ᠮᠠᠵᠢᠶᠠᠩ  ᠤᠨ ᠰᠢᠷᠡᠭᠡᠨ ᠠᠴᠠ ᠬᠤᠯᠠ ᠪᠠᠶᠢᠶ᠎ᠠ ᠪᠢᠳᠠᠬᠠᠷ᠎ᠠ ᠮᠦᠷ ᠲᠠᠢ ᠲᠣᠭᠯᠠᠭᠠᠮ ᠴᠢᠮᠢᠨᠤ ᠨᠣᠲᠤᠭ  ᠤᠨ ᠬᠦᠷᠦᠰᠦᠨ  ᠠᠴᠠ ᠠᠷᠢᠯᠣᠭᠲᠣᠨᠬᠠᠮᠤᠭ ᠮᠣᠩᠭᠤᠯ  ᠤᠨ ᠮᠢᠨᠢ ᠦᠷᠡᠰᠬᠠᠯᠭᠠᠵᠤ ᠪᠣᠣ  ᠣᠶᠢᠷᠠᠳᠣᠭᠤᠯᠣᠭᠳᠣᠨ︕          
ᠢᠷᠡᠯᠲᠡ᠄ ᠲᠤᠰ ᠰᠦᠯᠵᠢᠶ᠎ᠡ