ᠰᠢᠤᠳᠠᠨ ᠬᠦᠷᠬᠡᠭᠴᠢ ᠶᠢ ᠲᠤᠰᠤᠨ ᠬᠦᠶᠦᠬᠡᠳ
ᠨᠡᠶᠢᠲᠡᠯᠡᠭᠰᠡᠨ ᠴᠠᠭ᠄
2022/8/23
ᠰ᠊᠂ ᠬᠠᠰᠴᠢᠯᠠᠭᠤᠨᠠᠽᠢᠶ᠎ᠠ ᠡᠸᠦ᠋ᠷᠦᠫᠡ ᠶᠢᠨ ᠡᠬᠡ ᠬᠠᠭᠤᠷᠠᠢ ᠶᠢ ᠠᠩᠬ᠎ᠠ ᠬᠤᠯᠪᠤᠭᠰᠠᠨ ᠵᠠᠮ ᠪᠤᠯ ᠤᠮᠠᠷᠠᠳᠠᠬᠢᠨ ᠤ ᠲᠠᠯ᠎ᠠ ᠨᠤᠳᠤᠭ ᠪᠠᠶᠢᠯ᠎ᠠ᠃ᠷᠧᠨᠧ ᠷᠤᠰᠧ ᠤᠨ ︽ᠠᠽᠢᠶ᠎ᠠ ᠶᠢᠨ ᠨᠡᠬᠦᠳᠡᠯᠴᠢᠨ ᠦᠨᠳᠦᠰᠦᠳᠡᠨ ᠤ ᠲᠡᠤᠬᠡ︾᠎ ᠠᠴᠠᠠᠳᠠᠷ ᠤᠨ ᠨᠤᠭᠤᠭ᠎ᠠ ᠴᠡᠩᠬᠡᠷᠯᠡᠬᠦ ᠬᠠᠪᠤᠷᠠᠷᠤ ᠬᠡᠷ ᠲᠡᠭᠡᠨ ᠵᠠᠬᠢᠳᠠᠯ ᠪᠢᠴᠢᠯ᠎ᠡᠵᠠᠩ ᠰᠠᠶᠢᠳᠠᠢ ᠠᠬ᠎ᠠ ᠪᠡᠷᠬᠡᠨ ᠮᠢᠨᠢᠵᠠᠬᠢᠳᠠᠯ ᠢ ᠮᠢᠨᠢ ᠲᠤᠰᠤᠭᠠᠳ ᠤᠩᠰᠢᠵᠤ ᠪᠠᠶᠢᠨ᠎ᠠ ᠤᠤ︖ᠰᠢᠤᠳᠠᠨ ᠬᠦᠷᠬᠡᠭᠴᠢ ᠶᠢ ᠲᠤᠰᠤᠨ ᠬᠦᠶᠦᠬᠡᠳᠰᠢᠨᠡᠬᠡᠨ ᠵᠠᠬᠢᠳᠠᠯ ᠢ ᠮᠢᠨᠢ ᠠᠪᠴᠤ ᠪᠠᠶᠢᠨ᠎ᠠ ᠤᠤ︖ᠴᠡᠷᠢᠭ ᠬᠤᠪᠴᠠᠰᠤ ᠲᠠᠢ ᠰᠡᠬᠦᠳᠡᠷ ᠶᠢ ᠮᠢᠨᠢ ᠬᠠᠷᠠᠭᠠᠳᠰᠠᠭᠠᠯᠢ ᠶᠢᠨ ᠵᠡᠯ᠎ᠡ ᠤᠷᠤᠭᠤ ᠭᠤᠩᠬᠠᠵᠤ ᠪᠠᠶᠢᠨ᠎ᠠ ᠤᠤ︖᠁    ᠁ᠲᠡᠬᠡᠷ᠎ᠡ ᠵᠠᠭᠤᠨ ᠤ ᠨᠠᠶᠠᠭᠠᠳ ᠤᠨ ᠳᠤ ᠬᠠᠯᠬ᠎ᠠ ᠠᠴᠠ ᠦᠪᠦᠷ ᠮᠤᠩᠭᠤᠯ ᠳᠤ ᠤᠷᠤᠵᠤ ᠢᠷᠡᠭᠰᠡᠨ ᠡᠨᠡ ᠬᠦ ᠤᠷᠤᠰᠬᠠᠯ ᠲᠠᠭᠤᠤ ᠨᠢᠬᠡᠨ ᠦᠶ᠎ᠡ ᠰᠤᠷᠭᠠᠭᠤᠯᠢ ᠶᠢᠨ ᠬᠦᠷᠢᠶᠡᠨ ᠳᠤ ᠶᠡᠬᠡᠬᠡᠨ ᠬᠦᠯ ᠪᠤᠯᠵᠤ ᠪᠠᠶᠢᠭᠰᠠᠨ ᠢᠶᠠᠨ ᠤᠳᠠᠯ ᠦᠬᠡᠢ ᠬᠤᠳᠠ ᠬᠦᠳᠡᠭᠡ ᠦᠬᠡᠢ ᠲᠡᠯᠬᠡᠷᠡᠬᠦ ᠪᠤᠯᠤᠭᠰᠠᠨ᠃ ᠠᠶᠠᠨᠴᠢᠳ ᠤᠨ ᠲᠡᠷᠬᠡᠨ ᠲᠡᠬᠡᠷ᠎ᠡ ᠴᠤ ᠪᠤᠯᠤᠭ᠂ ᠠᠶᠢᠯ ᠤᠨ ᠬᠤᠷᠢᠮ ᠤᠨ ᠰᠢᠷᠡᠬᠡᠨ ᠲᠡᠬᠡᠷ᠎ᠡ ᠴᠤ ᠪᠤᠯᠤᠭ ︽ᠠᠷᠤ ᠬᠡᠷ ᠲᠡᠭᠡᠨ ᠵᠠᠬᠢᠳᠠᠯ ᠪᠢᠴᠢᠯ᠎ᠡ︾᠂ ︽ᠴᠡᠷᠢᠭ ᠡᠷ᠎ᠡ ᠤᠨ ᠲᠠᠭᠤᠤ︾᠎ ᠶᠢ ᠮᠡᠳᠡᠬᠦ ᠦᠬᠡᠢ ᠬᠦᠮᠦᠨ ᠪᠠᠷᠤᠭ ᠪᠠᠶᠢᠬᠤ ᠦᠬᠡᠢ᠃ ᠠᠯᠤᠰ ᠬᠤᠯᠠ ᠡᠷᠳᠡᠮ ᠰᠤᠷᠬᠤ ᠪᠠᠷ ᠶᠠᠪᠤᠭᠰᠠᠨ ᠤᠶᠤᠳᠠᠨ᠂ ᠠᠷᠤ ᠬᠡᠷ ᠲᠡᠭᠡᠨ ᠮᠠᠯ ᠲᠡᠷᠢᠶᠠᠨ ᠠᠵᠢᠯ ᠳᠤ ᠶᠠᠭᠠᠷᠠᠭᠰᠠᠨ ᠠᠪᠤ ᠡᠵᠢ ᠶᠢᠨ ᠰᠡᠳᠬᠢᠯ ᠳᠤ ᠡᠨᠡ ᠲᠠᠭᠤᠤ ᠠᠳᠠᠯᠢᠬᠠᠨ ᠬᠤᠪᠢ ᠶᠢᠨ ᠵᠢᠩ ᠲᠠᠢ ᠲᠤᠰᠴᠤ ᠡᠬᠡ ᠦᠷ᠎ᠡ ᠶᠢᠨ ᠬᠠᠶᠢᠷ᠎ᠠ᠂ ᠡᠯᠢᠬᠡᠨ ᠰᠠᠳᠤᠨ ᠤ ᠬᠡᠯᠬᠢᠶ᠎ᠡ ᠶᠢ ᠰᠢᠵᠢᠮᠯᠠᠵᠤ ᠪᠠᠶᠢᠭᠰᠠᠨ ᠶᠤᠮ᠃ᠰᠢᠤᠳᠠᠨ ᠬᠦᠷᠬᠡᠭᠴᠢ ᠬᠡᠵᠤ ᠮᠠᠨ ᠤ ᠨᠤᠳᠤᠭ ᠲᠤ ᠬᠠᠮᠤᠭ ᠤᠨ ᠬᠦᠨᠳᠦᠳᠠᠢ ᠬᠦᠮᠦᠨ ᠤ ᠨᠢᠬᠡ ᠪᠢᠯᠡ᠂ ᠲᠤᠭᠤᠢ ᠲᠡᠷᠬᠡᠨ ᠤ ᠰᠠᠭᠤᠳᠠᠯ ᠤᠨ ᠠᠷᠤ ᠪᠠᠷ ᠮᠤᠷᠢᠨ ᠤ ᠡᠮᠡᠭᠡᠯ ᠲᠡᠬᠡᠷ᠎ᠡ ᠭᠠᠨᠵᠤᠭᠠᠯᠠᠳᠠᠭ ᠲᠠᠯᠢᠩ ᠰᠢᠭ᠋ ᠨᠤᠭᠤᠭᠠᠪᠳᠤᠷ ᠦᠩᠬᠡ ᠶᠢᠨ ᠪᠤᠭᠤᠳᠠᠯ ᠲᠠᠢ᠂ ᠲᠤᠳᠤᠷ᠎ᠠ ᠨᠢ ᠠᠷᠪᠢᠨ ᠴᠠᠭᠠᠰᠤᠨ ᠲᠤᠭᠳᠤᠢ ᠲᠠᠢ ᠵᠠᠬᠢᠳᠠᠯ᠂ ᠪᠠᠭᠯᠠᠭ᠎ᠠ ᠲᠠᠢ ᠰᠤᠨᠢᠨ ᠰᠡᠳᠬᠦᠯ ᠤᠳ ᠢ ᠲᠦᠬᠦᠷᠳᠡᠯ᠎ᠡ ᠠᠴᠢᠵᠤ ᠲᠠᠯ᠎ᠠ ᠶᠢᠨ ᠰᠢᠷ᠎ᠠ ᠵᠠᠮ ᠢᠶᠠᠷ ᠲᠠᠪᠬᠢᠭᠤᠯᠵᠤ ᠢᠷᠡᠳᠡᠭ᠃ ᠰᠠᠷ᠎ᠠ ᠬᠤᠷᠢ ᠬᠤᠨᠤᠭ ᠢᠶᠠᠷ ᠲᠡᠬᠦᠨ ᠤ ᠪᠠᠷ᠎ᠠ ᠬᠠᠷᠠᠭᠳᠠᠬᠤ ᠦᠬᠡᠢ ᠪᠤᠯ ᠶᠠᠭ ᠯᠠ ᠬᠤᠯᠠ ᠶᠢᠨ ᠲᠦᠷᠦᠯ ᠢᠶᠠᠨ ᠦᠬᠡᠶᠢᠯᠡᠵᠦ ᠪᠠᠶᠢᠭ᠎ᠠ ᠰᠢᠭ᠋ ᠲᠤᠳᠤᠷ᠎ᠠ ᠬᠤᠭᠤᠰᠤᠷᠠᠬᠤ ᠪᠤᠯᠳᠠᠭ᠃ᠲᠡᠷᠡ ᠦᠶ᠎ᠡ ᠠᠴᠠ ᠡᠬᠢᠯᠠᠨ ᠡᠳᠦᠷ ᠪᠤᠯᠭᠠᠨ ᠬᠡᠷ ᠤᠨ ᠡᠬᠦᠳᠡᠨ ᠡᠮᠦᠨᠡᠬᠦᠷ ᠦᠩᠬᠡᠷᠡᠳᠡᠭ ᠰᠢᠤᠳᠠᠨ ᠤ ᠮᠠᠰᠢᠨ ᠲᠡᠷᠬᠡ᠂ ᠰᠤᠮᠤᠨ ᠤ ᠰᠢᠤᠳᠠᠨ ᠦᠷᠳᠡᠬᠡᠨ ᠤ ᠡᠬᠦᠳᠡᠨ ᠲᠡᠭᠡᠷ᠎ᠡ ᠪᠠᠶᠢᠩᠭᠤ ᠬᠠᠷᠠᠭᠳᠠᠳᠠᠭ ᠬᠠᠭᠤᠴᠢᠪᠳᠤᠷ ᠨᠤᠭᠤᠭᠠᠨ ᠵᠠᠬᠢᠳᠠᠯ ᠤᠨ ᠬᠠᠶᠢᠷᠴᠠᠭ ᠨᠠᠳᠠ ᠲᠦᠢᠯ ᠤᠨ ᠲᠤᠳᠤᠨᠤᠰᠤᠭ ᠰᠠᠨᠠᠭᠳᠠᠨ ᠠᠮᠢᠳᠤᠷᠠᠯ ᠤᠨ ᠬᠤᠭᠤᠰᠤᠷᠠᠯ᠂ ᠬᠤᠪᠢ ᠵᠠᠶᠠᠭᠠᠨ ᠤ ᠲᠤᠳᠠᠭᠤ ᠶᠢ ᠨᠦᠬᠦᠵᠦ ᠪᠠᠶᠢᠬᠤ ᠰᠢᠭ᠋ ᠮᠡᠳᠡᠭᠳᠡᠳᠡᠭ᠃ ᠤᠴᠢᠷ ᠨᠢ ᠮᠢᠨᠦ ᠶᠡᠭᠡ ᠰᠤᠷᠭᠠᠭᠤᠯᠢ ᠳᠤ ᠡᠯᠰᠡᠭᠳᠡᠭᠰᠡᠨ ᠮᠡᠳᠡᠭᠳᠡᠯ ᠤᠨ ᠪᠢᠴᠢᠭ᠂ ᠬᠠᠶᠠ ᠪᠠᠭᠤᠬᠤ ᠦᠴᠦᠬᠡᠨ ᠬᠠᠷᠠᠮᠵᠢ ᠶᠢᠨ ᠮᠦᠩᠭᠦ᠂ ᠠᠵᠢᠯ ᠤᠨ ᠪᠠᠶᠢᠷᠢᠨ ᠳᠤ ᠭᠠᠷᠬᠤ ᠠᠯᠪᠠᠨ ᠪᠢᠴᠢᠭ ᠪᠦᠷ ᠲᠡᠬᠦᠨ ᠢᠶᠠᠷ ᠲᠠᠮᠵᠢᠵᠤ ᠢᠷᠡᠭᠰᠡᠨ ᠪᠢᠯᠡ᠃ᠲᠤᠬᠠᠢ ᠶᠢᠨ ᠦᠶ᠎ᠡ ᠳᠤ ᠬᠤᠳᠠ ᠬᠦᠳᠡᠭᠡ ᠶᠢᠨ ᠬᠦᠮᠦᠰ ᠤᠨ ᠬᠠᠷᠢᠯᠴᠠᠭᠠᠨ ᠤ ᠭᠤᠤᠯ ᠵᠠᠭᠤᠴᠢ ᠪᠤᠯ ᠵᠠᠬᠢᠳᠠᠯ ᠪᠤᠯᠤᠨ᠎ᠠ᠃ ᠵᠠᠬᠢᠳᠠᠯ ᠨᠢ ᠬᠤᠶᠠᠷ ᠡᠳᠡᠬᠡᠳ ᠤᠨ ᠠᠮᠦᠷ ᠮᠡᠨᠳᠦ ᠰᠤᠯᠢᠯᠴᠠᠬᠤ ᠪᠠᠷ ᠡᠬᠢᠯᠠᠨ ᠤᠳᠤᠬᠢ ᠠᠮᠢᠳᠤᠷᠠᠯ ᠤᠨ ᠪᠠᠶᠢᠳᠠᠯ᠂ ᠬᠤᠵᠢᠮ ᠤᠨ ᠡᠷᠢᠯ ᠬᠦᠰᠡᠯ ᠵᠡᠷᠬᠡ ᠭᠤᠤᠯ ᠬᠡᠯᠡᠶ᠎ᠡ ᠬᠡᠰᠡᠨ ᠵᠦᠢᠯ ᠢᠶᠠᠨ ᠤᠷᠠᠯᠢᠭ ᠰᠠᠶᠢᠬᠠᠨ ᠵᠤᠬᠢᠴᠠᠮᠵᠢ ᠲᠠᠢ ᠬᠡᠯᠡ ᠬᠡᠯᠡᠯᠬᠡ ᠪᠠᠷ ᠢᠯᠡᠳᠬᠡᠨ ᠬᠠᠷᠢᠯᠴᠠᠨ ᠬᠦᠰᠡᠨ ᠨᠠᠶᠢᠳᠠᠬᠤ ᠪᠠ ᠰᠠᠶᠢᠨ ᠰᠠᠶᠢᠬᠠᠨ ᠢ ᠢᠷᠦᠬᠡᠵᠦ ᠦᠨᠳᠦᠷᠯᠡᠳᠡᠭ ᠵᠤᠬᠢᠶᠠᠨ ᠪᠢᠴᠢᠯᠬᠡ ᠎ ᠶᠢᠨ ᠬᠠᠳᠠᠭᠤ ᠲᠠᠰᠬᠠᠯ ᠪᠠᠶᠢᠭᠰᠠᠨ᠃ ᠡᠶᠢᠮᠦ ᠠᠴᠠ ᠬᠦᠳᠡᠭᠡ ᠶᠢᠨ ᠬᠦᠮᠦᠰ ᠬᠡᠤᠬᠡᠳ ᠢᠶᠠᠨ ᠠᠩᠬ᠎ᠠ ᠰᠤᠷᠭᠠᠭᠤᠯᠢ ᠶᠢᠨ ᠪᠤᠱᠤᠭ᠎ᠠ ᠠᠯᠬᠤᠭᠤᠯᠬᠤ ᠳᠠᠭᠠᠨ ︽ᠠᠢ ᠳ᠋ᠠ᠂ ᠮᠠᠭᠤ ᠬᠦᠦ ᠮᠢᠨᠢ᠂ ᠪᠢᠴᠢᠭ ᠰᠤᠷᠤᠭᠠᠳ ᠠᠳᠠᠭ ᠨᠢ ᠠᠪᠤ ᠡᠵᠢ ᠳᠡᠭᠡᠨ ᠵᠠᠬᠢᠳᠠᠯ ᠪᠢᠴᠢᠬᠦ ᠴᠢᠳᠠᠯ ᠲᠠᠢ ᠪᠤᠯᠪᠠᠯ ᠳ᠋ᠠ︕︾ ᠬᠡᠵᠦ ᠬᠠᠮᠤᠭ ᠬᠦᠰᠡᠯ ᠢᠶᠠᠨ ᠨᠠᠶᠢᠳᠠᠳᠠᠭ ᠪᠠᠶᠢᠭᠰᠠᠨ᠃ᠡᠵᠢ ᠠᠪᠤ ᠪᠤᠯᠤᠭᠰᠠᠳ ᠠᠴᠠ ︽ᠬᠠᠯᠠ ᠨᠢ ᠭᠠᠳᠠᠨ᠎ᠠ ᠪᠠᠨ᠂ ᠬᠠᠶᠢᠷ᠎ᠠ ᠨᠢ ᠲᠤᠳᠤᠷ᠎ᠠ ᠪᠠᠨ︾ ᠬᠡᠬᠦ ᠬᠠᠮᠤᠭ ᠤᠨ ᠬᠠᠷᠢᠭᠤᠴᠠᠯᠭᠠᠳᠤ ᠤᠪᠤᠷ ᠢᠶᠠᠷ ᠭᠠᠷ ᠢ ᠨᠢ ᠭᠠᠨᠵᠤᠭᠠᠨ ᠳᠤ ᠬᠦᠯ ᠢ ᠨᠢ ᠲᠦᠷᠦᠬᠡᠨ ᠳᠤ ᠬᠦᠷᠬᠡᠭᠰᠡᠨ ᠬᠡᠤᠬᠡᠳ ᠢᠶᠠᠨ ︽ᠨᠤᠮ ᠢ ᠨᠢ ᠰᠤᠷᠬᠤ ᠪᠠᠷ ᠨᠤᠮᠤᠬᠠᠨ ᠢ ᠨᠢ ᠰᠤᠷ︕︾ ᠬᠡᠵᠦ ᠵᠠᠬᠢᠨ ᠰᠤᠷᠭᠠᠳᠠᠭ᠃ ᠡᠷᠳᠡᠮ ᠤᠨ ᠠᠯᠳᠠᠨ ᠵᠢᠯᠤᠭᠤ ᠠᠳᠬᠤᠭᠤᠯᠤᠭᠰᠠᠨ ᠪᠠᠭᠰᠢ ᠨᠠᠷ ᠠᠴᠠ ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾ ᠬᠡᠬᠦ ᠲᠡᠬᠡᠳᠦᠰ ᠤᠨ ᠰᠤᠷᠭᠠᠯ ᠢᠶᠠᠷ ᠱᠠᠪᠢ ᠨᠠᠷ ᠢᠶᠠᠨ ︽ᠲᠦᠮᠡᠨ ᠳᠡᠭᠡᠨ ᠲᠦᠰᠢᠭ ᠪᠤᠯᠵᠤ᠂ ᠲᠦᠷᠦ ᠳᠡᠭᠡᠨ ᠡᠵᠡᠨ︾ ᠪᠤᠯᠳᠤᠭᠠᠢ ᠬᠡᠵᠦ ᠰᠤᠷᠭᠠᠨ ᠬᠦᠮᠦᠵᠢᠬᠦᠯᠵᠦ ᠪᠠᠶᠢᠳᠠᠭ᠃ᠡᠷᠳᠡᠨ ᠠᠴᠠ ᠠᠪᠤᠭᠠᠳ ᠠᠭᠤᠤ ᠶᠡᠭᠡ ᠬᠦᠨ ᠤᠬᠠᠭᠠᠨᠳᠠᠨ᠂ ᠠᠯᠳᠠᠷᠳᠤ ᠵᠤᠬᠢᠶᠠᠯᠴᠢ᠂ ᠨᠡᠷᠡᠳᠦ ᠤᠷᠠᠯᠢᠭᠴᠢ ᠶᠢᠨ ᠪᠢᠷ ᠲᠤᠤᠷ᠎ᠠ ᠠᠴᠠ ᠮᠡᠨᠳᠦᠯᠡᠭᠰᠡᠨ ᠬᠦᠮᠦᠨ ᠤ ᠰᠡᠳᠬᠢᠯ ᠢ ᠲᠤᠭᠳᠤᠯᠤᠭᠤᠯᠤᠮ᠎ᠠ᠂ ᠢᠷᠠᠭᠤ ᠰᠠᠶᠢᠬᠠᠨ ᠬᠡᠯᠡᠯᠬᠡ ᠲᠠᠢ᠂ ᠴᠢᠨᠠᠷᠯᠢᠭ ᠰᠠᠶᠢᠨ ᠵᠠᠬᠢᠳᠠᠯ ᠨᠢ ᠬᠡᠳᠦᠨ ᠦᠶ᠎ᠡ ᠪᠠᠷ ᠤᠯᠠᠮᠵᠢᠯᠠᠭᠳᠠᠨ ᠨᠢᠬᠡ ᠬᠦᠮᠦᠨ ᠤ ᠪᠦᠬᠦᠯᠢ ᠨᠠᠰᠤᠨ ᠤ ᠬᠤᠪᠢ ᠵᠠᠶᠠᠭᠠᠨ ᠳᠤ ᠡᠷᠬᠢᠯᠳᠠ ᠭᠠᠷᠭᠠᠨ ᠤᠯᠠᠨ ᠠᠴᠠ ᠴᠤᠯᠭᠤᠷᠠᠭᠰᠠᠨ ᠮᠡᠷᠬᠡᠳ ᠪᠤᠯᠭᠠᠨ ᠬᠦᠮᠦᠵᠢᠬᠦᠯᠵᠦ ᠨᠠᠶᠢᠬᠡᠮ ᠲᠠᠶᠠᠭᠠᠷ ᠤᠨ ᠢᠳᠡᠬᠡᠯ ᠬᠦᠨᠳᠦ ᠶᠢ ᠤᠯᠤᠭᠰᠠᠨ ᠪᠦᠳᠦᠮᠵᠢᠳᠠᠢ ᠲᠤᠷᠰᠢᠯᠭ᠎ᠠ ᠠᠷᠪᠢᠨ ᠪᠠᠶᠢᠳᠠᠭ᠃ᠵᠠᠬᠢᠳᠠᠯ ᠨᠢ ᠨᠢᠬᠡ ᠦᠨᠳᠦᠰᠦᠳᠡᠨ ᠤ ᠰᠤᠶᠤᠯ ᠪᠤᠯᠪᠠᠰᠤᠨ ᠤ ᠬᠦᠭᠵᠢᠯ ᠤᠨ ᠲᠦᠪᠰᠢᠨ ᠢ ᠦᠰᠦᠭ ᠪᠢᠴᠢᠭ ᠤᠨ ᠬᠡᠯᠪᠡᠷᠢ ᠪᠠᠷ ᠲᠤᠰᠬᠠᠨ᠂ ᠮᠠᠨᠳᠤᠯ ᠪᠠᠭᠤᠷᠠᠯ ᠤᠨ ᠬᠤᠪᠢ ᠵᠠᠶᠠᠭ᠎ᠠ ᠲᠠᠢ ᠬᠤᠯᠪᠤᠭᠳᠠᠬᠤ ᠴᠢᠬᠤᠯᠠ ᠬᠡᠷᠡᠭ ᠢᠶᠠᠷ ᠲᠡᠤᠬᠡᠨ ᠠᠬᠤᠢ ᠪᠤᠯᠭᠠᠵᠤ᠂ ᠦᠪᠡᠷ ᠤᠨ ᠡᠷᠬᠡ ᠰᠦᠷ᠂ ᠨᠡᠷ᠎ᠡ ᠬᠦᠨᠳᠦ ᠶᠢ ᠲᠦᠯᠦᠬᠡᠯᠡᠨ ᠲᠠᠯᠠᠬᠡᠢ ᠎ ᠶᠢᠨ ᠡᠪ ᠨᠠᠶᠢᠷᠠᠮᠳᠠᠯ᠂ ᠨᠢᠬᠡᠳᠦᠯ ᠤᠨ ᠡᠮᠦᠨ᠎ᠡ ᠠᠴᠠ ᠦᠬᠡ ᠶᠠᠷᠢᠵᠦ ᠪᠠᠶᠢᠳᠠᠭ᠃ ᠮᠤᠩᠭᠤᠯ ᠬᠠᠭᠠᠨᠳᠤ ᠤᠯᠤᠰ ᠤᠨ ᠲᠡᠤᠬᠡᠨ ᠲᠡᠬᠡᠷ᠎ᠡ ᠰᠢᠷ᠎ᠠ ᠲᠤᠷᠭᠠᠨ ᠲᠡᠬᠡᠷ᠎ᠡ ᠪᠡᠭᠡ ᠲᠤᠯᠢᠶᠠᠯᠭᠠᠨ ᠪᠢᠴᠢᠭᠰᠡᠨ ᠤᠶᠢᠭᠤᠷᠵᠢᠨ ᠮᠤᠩᠭᠤᠯ ᠦᠰᠦᠭ ᠲᠠᠢ ᠬᠠᠭᠠᠨ ᠤ ᠵᠠᠷᠯᠢᠭ ᠵᠠᠬᠢᠶ᠎ᠠ ᠨᠢ ᠮᠤᠷᠢᠨ ᠲᠡᠯ ᠲᠡᠬᠡᠬᠦᠷ ᠨᠠᠮᠢᠷᠠᠨ ᠦᠷᠳᠡᠭᠡ ᠤᠯᠠᠭ᠎ᠠ ᠶᠢ ᠠᠵᠢᠭ ᠦᠬᠡᠢ ᠲᠠᠭᠤᠯᠤᠨ ᠦᠷᠦᠨ᠎ᠡ ᠲᠤᠷᠤᠨ᠎ᠠ ᠶᠢᠨ ᠡᠬᠦᠳᠡ ᠶᠢ ᠲᠤᠭᠰᠢᠨ ᠬᠠᠭᠠᠨ ᠤ ᠤᠯᠪᠤᠭ ᠡᠵᠡᠨ ᠤ ᠰᠢᠷᠡᠬᠡᠨ ᠲᠡᠬᠡᠷ᠎ᠡ ᠲᠡᠯᠬᠡᠬᠡᠰᠦᠳᠠᠢ ᠬᠡᠪᠳᠡᠵᠦ ᠪᠠᠶᠢᠭᠰᠠᠨ ᠶᠤᠮ᠃ᠤᠳᠤᠬᠢᠴᠢᠯᠠᠯᠳᠠ᠂ ᠲᠡᠯᠡᠬᠡᠶᠢᠵᠢᠯᠳᠠ ᠡᠬᠦᠳᠡᠨ ᠡᠮᠦᠨ᠎ᠡ ᠬᠦᠷᠴᠦ ᠢᠷᠡᠨ ᠪᠦᠮᠪᠦᠷᠴᠡᠭ ᠲᠠᠶᠠᠭᠠᠷ ᠨᠢᠬᠡ ᠠᠶᠢᠯ ᠪᠤᠯᠤᠭᠰᠠᠨ ᠦᠨᠦᠳᠦᠷ ᠰᠦᠯᠵᠢᠶ᠎ᠡ ᠲᠤᠯᠬᠢᠶᠠᠨ ᠴᠠᠭ ᠤᠷᠤᠨ ᠤ ᠬᠢᠵᠠᠭᠠᠷ ᠢ ᠲᠠᠪᠠᠨ᠂ ᠬᠡᠯᠡ ᠬᠢᠯᠢ ᠪᠠᠨ ᠠᠯᠳᠠᠵᠤ ᠰᠠᠨᠰᠠᠷ ᠤᠨ ᠬᠢᠵᠠᠭᠠᠷ ᠲᠤ ᠴᠢᠯᠦᠬᠡᠳᠠᠢ ᠨᠢᠰᠬᠦ ᠪᠤᠯᠵᠠᠢ᠃ ᠭᠠᠷ ᠤᠳᠠᠰᠤᠨ ᠵᠠᠷ ᠮᠡᠳᠡᠭᠡ ᠭᠠᠵᠠᠷ ᠪᠦᠬᠦᠨ ᠳᠤ ᠲᠠᠷᠬᠠᠨ ᠢᠮᠧᠯ ᠢᠶᠠᠷ ᠬᠠᠷᠢᠯᠴᠠᠬᠤ ᠨᠢ ᠰᠢᠤᠳᠠᠨ ᠢᠶᠠᠷ ᠵᠠᠬᠢᠳᠠᠯ ᠢᠯᠡᠬᠡᠬᠦ ᠶᠢ ᠤᠷᠤᠯᠠᠵᠤ ᠬᠦᠮᠦᠰ ᠲᠤ ᠲᠦᠬᠦᠮ ᠨᠦᠬᠦᠴᠡᠯ ᠬᠠᠩᠭᠠᠪᠠ᠃ ᠲᠡᠬᠡᠬᠦ ᠳᠤ ᠴᠠᠭᠠᠰᠤᠨ ᠲᠤᠭᠳᠤᠢ ᠪᠠᠷ ᠡᠬᠢᠯᠡᠭᠰᠡᠨ ᠪᠤᠰᠤᠭ᠎ᠠ ᠮᠤᠩᠭᠤᠯ ᠬᠡᠯᠡ ᠪᠠᠷ ᠪᠢᠴᠢᠭᠰᠡᠨ ᠵᠠᠬᠢᠳᠠᠯ ᠤᠳ ᠪᠠᠷ᠎ᠠ ᠲᠠᠰᠤᠷᠠᠪᠠ᠃ ᠤᠨᠠᠭᠰᠠᠨ ᠨᠤᠳᠤᠭ ᠤᠨ ᠬᠠᠯᠠᠭᠤᠨ ᠰᠢᠷᠤᠢ᠂ ᠤᠬᠠᠭᠠᠨᠳᠤ ᠲᠡᠬᠡᠳᠦᠰ ᠤᠨ ᠠᠯᠳᠠᠨ ᠰᠤᠷᠭᠠᠯ ᠰᠢᠩᠬᠡᠭᠰᠡᠨ ᠬᠠᠶᠢᠷ᠎ᠠ ᠶᠢᠨ ᠵᠠᠬᠢᠶᠠᠨ ᠤ ᠤᠴᠢᠭ ᠲᠠᠰᠤᠷᠠᠪᠠ᠃ᠤᠳᠤ ᠶᠢᠨ ᠮᠤᠩᠭᠤᠯ ᠰᠤᠷᠤᠭᠴᠢᠳ ᠤᠨ ᠬᠦᠮᠦᠵᠢᠯ ᠪᠤᠯᠪᠠᠰᠤᠷᠠᠯ ᠰᠤᠯᠠᠷᠠᠨ ᠡᠬᠡ ᠬᠡᠯᠡ ᠪᠠᠷ ᠢᠶᠠᠨ ᠰᠡᠳᠬᠢᠵᠦ ᠶᠠᠷᠢᠵᠦ ᠢᠯᠡᠳᠬᠡᠵᠤ ᠪᠢᠴᠢᠬᠦ ᠴᠢᠳᠠᠪᠤᠷᠢ ᠤᠯᠠᠮ ᠮᠠᠭᠤᠳᠠᠵᠤ ᠪᠠᠶᠢᠭ᠎ᠠ ᠶᠢᠨ ᠨᠢᠬᠡ ᠰᠢᠯᠳᠠᠭᠠᠨ ᠬᠡᠪᠡᠯ ᠵᠠᠬᠢᠳᠠᠯ ᠬᠠᠷᠢᠯᠴᠠᠭ᠎ᠠ ᠲᠠᠰᠤᠷᠠᠭᠰᠠᠨ ᠲᠠᠢ ᠰᠢᠭᠤᠳ ᠬᠤᠯᠪᠤᠭ᠎ᠠ ᠲᠠᠢ ᠪᠠᠶᠢᠵᠤ ᠮᠡᠳᠡᠨ᠎ᠡ᠃ ᠭᠠᠷ ᠤᠳᠠᠰᠤᠨ ᠵᠠᠬᠢᠶ᠎ᠠ ᠪᠠᠷ ᠬᠡᠮᠵᠢᠶ᠎ᠡ ᠲᠠᠢ ᠬᠡᠳᠦᠨ ᠦᠬᠡ ᠪᠠᠨ ᠲᠤᠪᠴᠢᠯᠠᠵᠤ ᠪᠢᠴᠢᠬᠦ ᠶᠢ ᠱᠠᠭᠠᠷᠳᠠᠳᠠᠭ ᠠᠴᠠ ᠴᠠᠭᠠᠰᠤᠨ ᠵᠠᠬᠢᠳᠠᠯ ᠢ ᠪᠤᠳᠤᠪᠠᠯ ᠨᠠᠶᠢᠷᠠᠭᠤᠯᠭ᠎ᠠ ᠵᠤᠬᠢᠶᠠᠮᠵᠢ ᠰᠤᠯᠠ ᠪᠠᠶᠢᠳᠠᠭ ᠢ ᠬᠡᠯᠡᠬᠦ ᠦᠬᠡᠢ᠂ ᠬᠦᠳᠡᠭᠡ ᠶᠢᠨ ᠬᠦᠮᠦᠰ ᠢᠶᠠᠷ ᠠᠪᠴᠤ ᠦᠵᠡᠪᠡᠯ ᠬᠢᠳᠠᠳ ᠬᠡᠯᠡᠨ ᠤ ᠬᠢᠷᠢ ᠬᠡᠮᠵᠢᠶ᠎ᠡ ᠲᠤᠤᠷ᠎ᠠ ᠤᠴᠢᠷ ᠠᠴᠠ ᠬᠠᠷᠢᠯᠴᠠᠬᠤ ᠠᠷᠭ᠎ᠠ ᠦᠬᠡᠢ ᠲᠤᠯᠠ ᠬᠡᠯᠡᠶ᠎ᠡ ᠬᠡᠰᠡᠨ ᠬᠡᠳᠦᠨ ᠦᠬᠡ ᠪᠠᠨ ᠲᠤᠭᠳᠠᠭᠰᠠᠨ ᠴᠠᠭ ᠤᠨ ᠲᠤᠳᠤᠷ᠎ᠠ ᠤᠳᠠᠰᠤ ᠪᠠᠷ ᠬᠠᠯᠳᠤ ᠮᠦᠯᠳᠦ ᠬᠡᠯᠡᠵᠦ ᠪᠠᠷᠠᠬᠤ ᠴᠢᠬᠤᠯᠠ ᠲᠠᠢ ᠪᠠᠶᠢᠳᠠᠭ᠃ ᠡᠶᠢᠮᠦᠷᠬᠦᠦ ᠠᠯᠪᠠᠳᠠᠯᠭ᠎ᠠ ᠶᠢᠨ ᠴᠢᠨᠠᠷ ᠲᠠᠢ ᠬᠠᠷᠢᠯᠴᠠᠭᠠᠨ ᠤ ᠬᠡᠯᠪᠡᠷᠢ ᠨᠢ ᠴᠠᠭᠠᠰᠤᠨ ᠵᠠᠬᠢᠳᠠᠯ ᠢ ᠪᠤᠳᠤᠪᠠᠯ ᠲᠦᠬᠦᠮ ᠪᠠᠶᠢᠳᠠᠭ ᠪᠤᠯᠪᠠᠴᠤ ᠵᠤᠷᠢᠯᠭ᠎ᠠ ᠪᠠ ᠦᠢᠯᠡᠳᠦᠯ ᠎ ᠤᠨ ᠲᠠᠯ᠎ᠠ ᠪᠠᠷ ᠲᠡᠬᠦᠨ ᠳᠤ ᠬᠤᠯᠠ ᠬᠦᠷᠬᠦ ᠦᠬᠡᠢ ᠪᠠᠶᠢᠳᠠᠭ᠃ᠠᠶᠢᠯ ᠬᠡᠷ ᠤᠨ ᠠᠯᠳᠠᠨ ᠪᠠᠭᠠᠨ᠎ᠠ ᠪᠤᠯᠤᠭᠰᠠᠨ ᠠᠪᠤ ᠡᠵᠢ᠂ ᠠᠮᠢᠨ ᠭᠤᠯᠤᠮᠳᠠ ᠶᠢᠨ ᠬᠠᠯᠠᠭᠤᠨ ᠠᠮᠢᠰᠬᠤᠯ ᠪᠤᠯᠤᠭᠰᠠᠨ ᠦᠷ᠎ᠡ ᠬᠡᠤᠬᠡᠳ ᠲᠡᠭᠡᠨ ᠶᠠᠭᠤ ᠵᠠᠬᠢᠳᠠᠭ ᠪᠠᠶᠢᠭᠰᠠᠨ ᠪᠤᠯ︖ ᠲᠤᠤᠷ᠎ᠠ ᠷ᠊᠂ ᠴᠤᠶᠢᠨᠤᠮ ᠤᠨ ︽ᠦᠬᠢᠨ ᠳᠡᠭᠡᠨ ᠢᠯᠡᠬᠡᠭᠰᠡᠨ ᠵᠠᠬᠢᠳᠠᠯ︾᠎ ᠤᠨ ᠲᠡᠬᠦᠰᠬᠡᠯ ᠤᠨ ᠮᠦᠷ ᠠᠴᠠ ᠦᠵᠡᠶ᠎ᠡ᠃    ᠶᠠᠭᠠᠬᠢᠵᠤ ᠴᠢ ᠭᠤᠶᠤᠵᠤ ᠭᠠᠩᠭᠠᠯᠠᠯ᠎ᠠ ᠬᠡᠳ    ᠶᠠᠰᠤ ᠤᠭᠰᠠᠭ᠎ᠠ ᠪᠠᠨ ᠲᠡᠯᠳᠡᠷᠡᠳᠡᠯ᠎ᠡ ᠭᠤᠶᠤᠭᠠᠳ ᠬᠡᠷᠡᠭ ᠦᠬᠡᠢ    ᠶᠠᠮᠠᠷ ᠨᠤᠮ᠂ ᠤᠯᠠᠨ ᠬᠡᠯᠡ ᠮᠡᠳᠡᠯ᠎ᠡ ᠬᠡᠳ    ᠢᠷᠠᠭᠤ ᠰᠠᠶᠢᠬᠠᠨ ᠮᠤᠩᠭᠤᠯ ᠬᠡᠯᠡ ᠪᠠᠨ ᠮᠡᠷᠳᠡᠵᠦ ᠪᠤᠯᠬᠤ ᠦᠬᠡᠢ    ᠡᠨᠡ ᠬᠡᠯᠡ ᠪᠠᠷ ᠠᠪᠤ ᠴᠢᠨᠢ    ᠡᠬᠢᠨ ᠤ ᠪᠠᠨ ᠰᠢᠯᠦᠭ ᠢ ᠬᠡᠯᠬᠢᠭᠰᠡᠨ ᠶᠤᠮ    ᠡᠨᠡ ᠬᠡᠯᠡ ᠪᠠᠷ ᠠᠪᠤ ᠴᠢᠨᠢ ᠪᠠᠰᠠ    ᠡᠴᠦᠰ ᠤᠨ ᠰᠢᠯᠦᠭ ᠢᠶᠠᠨ ᠬᠡᠯᠬᠢᠬᠦ ᠪᠤᠯᠤᠨ᠎ᠠ ᠮᠤᠷᠢᠳᠠᠢ         ᠤᠴᠠᠷᠠᠯ ᠵᠠᠶᠠᠭ᠎ᠠ    ᠬᠤᠷᠠᠬᠤ ᠡᠬᠦᠯᠡ ᠦᠬᠡᠢ ᠲᠡᠭᠷᠢ ᠶᠢᠨ ᠬᠢᠵᠠᠭᠠᠷ ᠢ ᠠᠯᠤᠰ ᠬᠡᠳᠡᠭ    ᠬᠤᠨᠤᠭᠰᠢᠬᠤ ᠮᠦᠷᠦᠬᠡᠳᠦᠯ ᠤᠨ ᠲᠤᠷᠭᠠᠨ ᠦᠵᠦᠬᠦᠷ ᠢ ᠲᠤᠷᠠᠰᠤᠮᠵᠢ ᠬᠡᠳᠡᠭ    ᠬᠤᠪᠳᠤᠯ ᠵᠢᠷᠤᠬᠡᠨ ᠳᠤ ᠬᠤᠨᠤᠭᠰᠢᠭᠰᠠᠨ ᠲᠡᠷᠡ ᠵᠦᠭ ᠢ ᠨᠤᠳᠤᠭ ᠬᠡᠳᠡᠭ    ᠬᠠᠭᠤᠴᠢᠨ ᠨᠦᠬᠦᠬᠡᠰᠦ ᠲᠠᠢ ᠬᠤᠷᠠᠭᠠᠨ ᠲᠡᠪᠡᠯ ᠤᠨ ᠡᠩᠬᠡᠷ ᠢ ᠨᠠᠶᠢᠵᠠ ᠬᠡᠳᠡᠭ    ᠠᠭᠤᠯᠠᠨ ᠤ ᠦᠨᠳᠦᠷ ᠤᠰᠤᠨ ᠤ ᠬᠤᠯᠠ ᠠᠴᠠ    ᠤᠴᠠᠷᠠᠬᠤ ᠶᠢᠨ ᠲᠠᠪᠢᠯᠠᠩ ᠦᠬᠡᠢ ᠬᠤᠶᠠᠭᠤᠯᠠ ᠶᠢ    ᠦᠬᠳᠡ ᠦᠬᠡᠳᠡ ᠠᠴᠠ ᠨᠢ ᠬᠠᠷᠠᠭᠤᠯᠤᠨ    ᠦᠯᠢᠬᠡᠷ ᠵᠤᠭᠤᠭ ᠬᠠᠭᠤᠴᠢᠯᠠᠨ    ᠦᠩᠬᠡ ᠲᠠᠢ ᠴᠢᠷᠠᠢ ᠲᠠᠢ ᠰᠠᠭᠤᠯᠭᠠᠭᠰᠠᠨ    ᠡᠨᠡ ᠦᠳᠡᠰᠢ ᠶᠢ ᠤᠴᠠᠷᠠᠯ ᠵᠠᠶᠠᠭ᠎ᠠ ᠬᠡᠳᠡᠭ       ᠲᠡᠮᠡᠴᠢ ᠶᠢᠨ ᠲᠠᠯ᠎ᠠ    ᠲᠠᠩᠰᠤᠭ ᠨᠠᠮᠤᠷ ᠤᠨ ᠦᠩᠬᠡᠨ ᠳᠤ ᠰᠤᠭᠳᠤᠨ    ᠲᠠᠷᠠᠭ ᠠᠶᠢᠷᠠᠭ ᠤᠨ ᠦᠨᠦᠷ ᠲᠤ ᠬᠤᠷᠭᠤᠳᠤᠨ    ᠲᠡᠨ ᠤ ᠬᠢ ᠪᠠᠷ ᠤᠷᠤᠭᠠᠳ    ᠲᠠᠯ᠎ᠠ ᠶᠢᠨ ᠡᠪᠡᠰᠦᠨ ᠰᠢᠷ᠎ᠠ ᠰᠢᠮᠠᠭᠤᠯ ᠪᠢ ᠪᠢᠯᠠ    ᠰᠠᠷᠠᠭᠤᠯ ᠠᠭᠤᠳᠠᠮ ᠢ ᠴᠢᠨᠢ ᠦᠮᠴᠢᠷᠬᠡᠨ ᠡᠮᠵᠡᠭᠯᠡᠵᠦ    ᠰᠠᠶᠢᠬᠠᠨ ᠪᠦᠬᠦᠨ ᠢ ᠴᠢᠨᠢ ᠮᠦᠷᠦᠬᠡᠳᠦᠨ ᠡᠮᠳᠡᠷᠡᠵᠦ    ᠰᠠᠮᠪᠠᠢ ᠬᠠᠳᠠᠭ ᠲᠡᠬᠡᠷ᠎ᠡ ᠨᠢ ᠲᠠᠭᠤᠤ ᠪᠤᠯᠤᠨ ᠰᠢᠩᠬᠡᠬᠦ    ᠰᠠᠨᠠᠭ᠎ᠠ ᠵᠠᠶᠠᠭᠠᠨ ᠤ ᠭᠠᠰᠢᠭᠤᠨ ᠨᠢᠯᠪᠤᠰᠤ ᠪᠢ ᠪᠢᠯᠡ    ᠬᠠᠭᠤᠴᠢ ᠲᠤᠮᠤᠭ ᠤᠨ ᠲᠤᠭᠤᠰᠤᠨ ᠳᠤ ᠪᠤᠷᠤᠯᠠᠨ    ᠬᠠᠭᠤᠷᠠᠢ ᠰᠠᠯᠬᠢᠨ ᠳᠤ ᠠᠮᠢᠰᠬᠤᠯ ᠪᠦᠭᠯᠡᠷᠡᠨ    ᠲᠡᠮᠡᠴᠢ ᠶᠢᠨ ᠬᠠᠯᠠᠭᠤᠨ ᠰᠢᠷᠤᠢ ᠲᠡᠬᠡᠷ᠎ᠡ ᠵᠢᠪᠡᠷᠡᠬᠦ    ᠲᠠᠮᠠᠭ᠎ᠠ ᠲᠠᠢ ᠮᠤᠩᠭᠤᠯ ᠪᠢᠴᠢᠭ ᠤᠨ ᠠᠴᠤᠭ ᠪᠢ ᠪᠢᠯᠡ    ᠬᠡᠬᠡᠷ᠎ᠡ ᠶᠢᠨ ᠨᠤᠨᠤᠭᠠᠨ ᠬᠦᠮᠡᠯᠢ ᠲᠡᠬᠡᠷ᠎ᠡ ᠴᠢᠨᠢ    ᠬᠡᠵᠢᠶ᠎ᠡ ᠴᠤ ᠬᠤᠷ᠎ᠠ ᠪᠤᠯᠤᠨ ᠪᠠᠭᠤᠵᠤ ᠴᠢᠳᠠᠬᠤ ᠦᠬᠡᠢ    ᠬᠢᠯᠢ ᠶᠢᠨ ᠲᠡᠭᠷᠢ ᠲᠡᠬᠡᠷ᠎ᠡ ᠲᠦᠬᠡᠷᠢᠵᠦ ᠰᠠᠷᠨᠢᠬᠤ    ᠬᠡᠰᠡᠭ ᠴᠠᠭᠠᠨ ᠡᠬᠦᠯᠡᠨ ᠤ ᠲᠠᠰᠤᠷᠬᠠᠢ ᠪᠢ ᠪᠢᠯᠡ    ᠰᠦᠨᠦᠭᠰᠡᠨ ᠪᠦᠬᠦᠨ ᠬᠦᠷᠪᠡᠯ ᠪᠠᠶᠢᠭᠰᠠᠨ ᠢ    ᠰᠦᠨᠢᠳ ᠤᠨ ᠲᠡᠬᠡᠳᠦᠰ ᠶᠠᠰᠤ ᠪᠤᠯᠤᠭᠰᠠᠨ ᠢ    ᠰᠦᠨᠢ ᠶᠢᠨ ᠡᠷᠢᠶᠡᠨ ᠪᠤᠳᠤᠯ ᠳᠠᠭᠠᠨ ᠲᠤᠩᠭᠠᠬᠤ    ᠰᠦᠮᠡᠳᠠᠢ ᠪᠤᠳᠠᠷ ᠤᠨ ᠴᠢᠯᠠᠭᠤ ᠨᠢ ᠪᠢ ᠪᠢᠯᠡ            ᠪᠢᠯᠢᠬᠦᠳᠠᠢ    ᠬᠠᠷᠠᠵᠠ ᠪᠤᠯᠠᠭ ᠤᠨ ᠤᠰᠤ ᠪᠠᠷ ᠢᠶᠠᠨ ᠴᠠᠢ ᠴᠢᠨᠠᠵᠤ    ᠬᠠᠷᠠᠭᠴᠢᠨ ᠬᠡᠬᠦᠦ ᠶᠢᠨ ᠰᠦ ᠪᠠᠷ ᠢᠶᠠᠨ ᠴᠡᠭᠡ ᠨᠡᠷᠡᠵᠦ    ᠬᠠᠭᠠᠨ ᠤ ᠲᠡᠬᠦᠦ ᠪᠢᠯᠢᠬᠦᠳᠠᠢ    ᠬᠠᠨᠠᠭᠠᠷ ᠨᠤᠳᠤᠭ ᠤᠨ ᠢᠶᠠᠨ ᠪᠠᠭᠤᠴᠠ ᠶᠢ ᠰᠠᠬᠢᠵᠤ ᠰᠠᠭᠤᠨ᠎ᠠ    ᠴᠢᠩᠭᠢᠰ ᠪᠤᠭᠳᠠ ᠠᠭᠤᠯᠠ ᠶᠢᠨ ᠡᠩᠬᠡᠷ ᠲᠤ    ᠴᠢᠩ ᠵᠤᠷᠢᠭᠳᠤ ᠲᠡᠬᠡᠳᠦᠰ ᠤᠨ ᠰᠦᠨᠡᠰᠦ ᠶᠢ ᠲᠠᠯᠠᠯᠵᠤ    ᠪᠦᠬᠦᠳᠡ ᠶᠢᠨ ᠰᠢᠳᠦᠬᠡᠨ ᠪᠢᠯᠢᠬᠦᠳᠠᠢ    ᠪᠦᠮᠪᠦᠷᠴᠡᠭ ᠤᠨ ᠬᠦᠬᠡ ᠴᠢᠯᠠᠭᠤᠨ ᠲᠡᠬᠡᠷ᠎ᠡ ᠠᠮᠢᠯᠠᠨ᠎ᠠ    ᠠᠯᠳᠠᠷ ᠪᠦᠬᠡ ᠶᠢᠨ ᠵᠤᠳᠤᠭ ᠢᠶᠠᠷ ᠢᠶᠠᠨ ᠮᠠᠭᠰᠢᠵᠤ    ᠠᠭᠰᠠᠭᠰᠠᠨ ᠰᠠᠭᠠᠳᠠᠭ ᠨᠤᠮᠤ ᠪᠠᠷ ᠢᠶᠠᠨ ᠭᠤᠶᠤᠵᠤ    ᠠᠯᠳᠠᠨ ᠤᠷᠤᠭ ᠤᠨ ᠪᠢᠯᠢᠬᠦᠳᠠᠢ    ᠠᠮᠢᠨ ᠬᠠᠯᠠᠭᠤᠨ ᠰᠢᠷᠤᠢ ᠲᠡᠬᠡᠷ᠎ᠡ ᠪᠠᠨ ᠮᠦᠩᠬᠡ ᠨᠤᠶᠢᠷᠰᠤᠨ᠎ᠠ    ᠠᠷᠢᠭᠤᠨ ᠰᠡᠳᠬᠢᠯᠳᠤ ᠠᠷᠠᠳ ᠵᠤᠨ ᠤ ᠬᠡᠶᠢᠮᠦᠷᠢ ᠶᠢ ᠰᠡᠷᠬᠦᠬᠡᠵᠦ    ᠠᠮᠤᠭᠤᠯᠠᠩ ᠲᠦᠪᠰᠢᠨ ᠡᠬᠡ ᠤᠷᠤᠨ ᠤ ᠰᠦᠯᠳᠠ ᠶᠢ ᠡᠷᠬᠦᠵᠦ    ᠠᠪᠠᠭ᠎ᠠ ᠶᠢᠨ ᠠᠪᠠᠭ᠎ᠠ ᠪᠢᠯᠢᠬᠦᠳᠠᠢ    ᠠᠭᠤᠳᠠᠮ ᠮᠤᠩᠭᠤᠯ ᠤᠷᠤᠨ ᠤ ᠪᠠᠨ ᠡᠯᠢᠬᠡᠨ ᠳᠤ ᠵᠢᠷᠭᠠᠨ᠎ᠠ           ᠤᠯᠤᠭᠠᠢ ᠭᠤᠤᠯ    ᠤᠷᠳᠤ ᠶᠢᠨ ᠲᠠᠭᠤᠤ ᠰᠢᠭ᠋ ᠤᠶᠠᠩᠭᠠᠷᠠᠭᠰᠠᠨ    ᠤᠷᠭ᠎ᠠ ᠶᠢᠨ ᠬᠤᠶᠢᠪᠢ ᠰᠢᠭ᠋ ᠮᠤᠰᠬᠢᠷᠠᠭᠰᠠᠨ    ᠤᠯᠤᠭᠠᠢ ᠭᠤᠤᠯ    ᠦᠵᠦᠬᠦᠷ ᠨᠢ ᠲᠠᠰᠤᠷᠠᠭᠰᠠᠨ ᠦᠵᠦᠮᠦᠴᠢᠨ ᠤ    ᠤᠯᠠᠭᠠᠨ ᠬᠤᠭᠤᠯᠠᠢ ᠪᠠᠷ ᠤᠷᠤᠰᠦᠨ᠎ᠠ    ᠤᠨᠤᠭᠰᠠᠨ ᠡᠵᠡᠨ ᠨᠢ    ᠤᠬᠢᠯᠠᠬᠤ ᠳᠠᠭᠠᠨ ᠭᠠᠵᠠᠷ ᠴᠢᠷᠦᠭᠰᠡᠨ    ᠮᠤᠷᠢᠨ ᠤ ᠬᠢᠨᠢ ᠴᠤᠯᠪᠤᠭᠤᠷ ᠤᠨ ᠮᠦᠷ    ᠤᠯᠤᠭᠠᠢ ᠭᠤᠤᠯ    ᠤᠤᠭᠠᠯ ᠮᠤᠩᠭᠤᠯ ᠤᠨ ᠬᠠᠳᠠᠭ ᠤᠨ ᠦᠩᠬᠡ ᠲᠠᠢ    ᠤᠳᠤᠮᠳᠤ ᠪᠦᠬᠡ ᠶᠢᠨ ᠵᠢᠷᠦᠬᠡ ᠪᠠᠷ ᠯᠤᠭᠰᠢᠭᠰᠠᠨ    ᠮᠦᠩᠬᠡ ᠲᠡᠭᠷᠢ ᠶᠢᠨ ᠷᠠᠰᠢᠶᠠᠨ ᠭᠤᠤᠯ    ᠤᠭᠠᠯᠵᠠᠨ ᠬᠡ ᠲᠠᠢ ᠬᠤᠳᠤᠯ ᠤᠨ ᠤᠯᠠ ᠲᠤᠰᠤᠯᠠᠭᠰᠠᠨ    ᠮᠤᠩᠭᠤᠯ ᠬᠦᠮᠦᠨ ᠤ ᠠᠮᠢᠨ ᠭᠤᠤᠯ    ᠠᠭᠤᠯᠠ ᠪᠠᠨ ᠤᠷᠢᠶᠠᠵᠤ ᠲᠠᠯ᠎ᠠ ᠪᠠᠨ ᠲᠤᠭᠤᠷᠢᠭᠰᠠᠨ    ᠤᠴᠢᠷᠳᠠᠢ ᠲᠤᠮᠤᠭ ᠤᠨ ᠲᠠᠰᠤᠷᠬᠠᠢ ᠦᠯᠢᠬᠡᠷ    ᠤᠯᠤᠭᠠᠢ ᠭᠤᠤᠯ    ᠠᠭᠤᠳᠠᠮ ᠨᠤᠳᠤᠭ ᠤᠨ ᠢᠶᠠᠨ ᠬᠢᠯᠢ ᠰᠤᠨᠳᠠᠯᠠᠨ    ᠤᠨᠢᠶᠠᠷᠳᠤᠨ ᠤᠯᠤᠳᠠᠨ᠎ᠠ            ᠮᠦᠩᠬᠡ ᠲᠡᠭᠷᠢ ᠶᠢᠨ ᠬᠡᠰᠢᠭᠳᠡᠨ    ᠠᠷᠢᠭᠤᠨ ᠲᠠᠭᠱᠠᠨ ᠨᠢ ᠪᠤᠷᠬᠠᠨ ᠤ ᠤᠷᠤᠨ    ᠠᠶᠠᠨ ᠤ ᠭᠠᠨᠵᠤᠭ᠎ᠠ ᠲᠤᠰᠤᠯᠠᠵᠤ    ᠪᠠᠶᠠᠨ ᠤᠪᠤᠭ᠎ᠠ ᠨᠢ ᠰᠦᠮᠪᠦᠷᠯᠠᠨ᠎ᠠ    ᠠᠰᠬᠠᠷᠠᠬᠤ ᠪᠤᠷᠤᠭᠠᠨ ᠨᠢ ᠲᠡᠭᠷᠢ ᠶᠢᠨ ᠬᠤᠷ᠎ᠠ    ᠠᠶᠢᠷᠠᠭ ᠤᠨ ᠦᠨᠦᠷ ᠬᠠᠩᠬᠤᠯᠤᠭᠤᠯᠵᠤ    ᠬᠦᠩᠬᠦᠷ ᠤᠨ ᠲᠠᠯ᠎ᠠ ᠨᠢ ᠲᠠᠰᠠᠮᠠᠯᠠᠨ᠎ᠠ    ᠠᠰᠢᠳᠠ ᠶᠢᠨ ᠢᠷᠦᠬᠡᠯ ᠨᠢ    ᠰᠡᠳᠬᠢᠯ ᠤᠨ ᠦᠨᠳᠦᠷ ᠲᠤ ᠲᠤᠭᠳᠠᠵᠤ    ᠰᠢᠷ᠎ᠠ ᠮᠦᠷᠡᠨ ᠨᠢ ᠮᠠᠯᠮᠠᠷᠠᠨ᠎ᠠ    ᠠᠷᠠᠳ ᠤᠨ ᠲᠠᠭᠤᠤ ᠨᠢ    ᠲᠠᠯ᠎ᠠ ᠶᠢᠨ ᠡᠪᠡᠰᠦᠨ ᠠᠴᠠ ᠤᠷᠭᠤᠵᠤ    ᠲᠠᠯᠠᠢ ᠨᠠᠭᠤᠷ ᠨᠢ ᠴᠠᠶᠢᠯᠵᠠᠨ᠎ᠠ    ᠠᠯᠳᠠᠨ ᠨᠠᠮᠤᠷ ᠤᠨ ᠦᠷᠯᠦᠬᠡ    ᠠᠵᠠ ᠬᠡᠶᠢᠮᠦᠷᠢ ᠶᠢ ᠰᠡᠬᠦᠬᠡᠵᠦ    ᠠᠰᠬᠠᠳᠤ ᠬᠠᠶᠢᠷᠬᠠᠨ ᠨᠢ ᠰᠦᠨᠳᠡᠷᠯᠡᠨ᠎ᠡ    ᠠᠶᠠᠰ ᠤᠨ ᠰᠠᠯᠬᠢᠨ ᠳᠤ    ᠠᠯᠳᠠᠭᠰᠠᠨ ᠲᠡᠤᠬᠡ ᠪᠠᠨ ᠬᠦᠤᠷᠨᠢᠵᠦ    ᠤᠯᠠᠭᠠᠨ ᠪᠤᠳᠤᠩ ᠨᠢ ᠡᠩᠰᠡᠷᠡᠨ᠎ᠡ    ᠠᠭᠤᠯᠠ ᠤᠰᠤ ᠨᠢ ᠬᠦᠬᠡ ᠪᠠᠷ ᠢᠶᠠᠨ    ᠠᠭᠤᠳᠠᠮ ᠲᠠᠯ᠎ᠠ ᠨᠢ ᠴᠡᠩᠬᠡᠷ ᠢᠶᠠᠷ ᠢᠶᠠᠨ    ᠤᠨᠳᠤᠷᠤᠮᠠᠯ ᠪᠤᠯᠠᠭ ᠨᠢ ᠷᠠᠰᠢᠶᠠᠨ ᠢᠶᠠᠷ ᠢᠶᠠᠨ    ᠤᠩᠭᠤᠨ ᠪᠠᠶᠢᠭᠠᠯᠢ ᠨᠢ ᠪᠦᠳᠦᠨ ᠢᠶᠠᠷ ᠢᠶᠠᠨ    ᠮᠤᠩᠭᠤᠯ ᠨᠤᠳᠤᠭ ᠤᠨ ᠲᠤᠷᠭᠠᠨ ᠬᠡᠪᠡᠯᠢ    ᠮᠦᠩᠬᠡ ᠲᠡᠭᠷᠢ ᠶᠢᠨ ᠬᠡᠰᠢᠭᠳᠡᠨ       ᠲᠤᠭ ᠤᠨ ᠦᠩᠬᠡ    ᠰᠢᠷᠤᠶᠢᠳᠠᠭᠰᠠᠨ ᠪᠦᠬᠡ ᠶᠢᠨ ᠵᠤᠳᠤᠭ ᠢ ᠲᠤᠰᠴᠤ    ᠦᠨᠳᠦᠷ ᠲᠡᠬᠡᠷ᠎ᠡ ᠲᠠᠬᠢᠭᠰᠠᠨ ᠠᠭᠤᠯᠠ ᠨᠢᠷᠦᠭᠤ    ᠰᠢᠷᠠᠭᠳᠤᠭᠰᠠᠨ ᠵᠡᠬᠡᠷ᠎ᠡ ᠶᠢᠨ ᠴᠢᠰᠤ ᠶᠢ ᠲᠤᠯᠢᠶᠠᠵᠤ    ᠦᠪᠡᠷᠳᠡᠬᠡᠨ ᠡᠳᠡᠬᠡᠷᠡᠭᠰᠡᠨ ᠲᠠᠯ᠎ᠠ ᠭᠤᠪᠢ    ᠰᠢᠳᠠᠭᠰᠠᠨ ᠬᠤᠳᠠ ᠶᠢᠨ ᠪᠠᠭᠤᠷᠢ ᠶᠢ ᠲᠡᠷᠡᠯᠡᠭᠰᠡᠨ    ᠦᠪ ᠲᠡᠤᠬᠡ ᠶᠢᠨ ᠴᠢᠯᠠᠭᠤᠨ ᠰᠤᠳᠤᠷ    ᠰᠢᠷᠠᠯᠠᠭᠰᠠᠨ ᠴᠡᠴᠡᠭ ᠤᠨ ᠲᠤᠭᠤᠰᠤ ᠶᠢ ᠠᠷᠴᠢᠭᠰᠠᠨ    ᠡᠳᠦᠷ ᠬᠤᠨᠤᠭ ᠤᠨ ᠦᠷᠬᠦᠯᠵᠢᠯᠡᠯ    ᠰᠢᠯᠤᠭᠤᠨ ᠬᠦᠬᠡ ᠦᠩᠬᠡ ᠲᠠᠢ    ᠰᠢᠷ᠎ᠠ ᠴᠠᠭᠠᠨ ᠬᠦᠪᠡᠭᠡ ᠲᠠᠢ    ᠵᠠᠬ᠎ᠠ ᠨᠢ ᠰᠡᠮᠡᠷᠡᠭᠰᠡᠨ ᠲᠤᠷᠭᠠᠨ ᠲᠤᠭ    ᠴᠠᠬᠠᠷ ᠨᠠᠢᠮᠠᠨ ᠬᠤᠰᠢᠭᠤ ᠪᠠᠷ ᠦᠩᠬᠡᠷᠡᠯ᠎ᠡ                                           2016 ᠤᠨ ᠤ 8 ᠰᠠᠷ᠎ᠠ
ᠢᠷᠡᠯᠲᠡ᠄ ᠲᠤᠰ ᠰᠦᠯᠵᠢᠶ᠎ᠡ