ᠵᠠᠩᠭᠤᠳᠣ ᠶᠢᠨ ᠭᠤᠤᠯ ᠤᠨ ᠰᠠᠷᠠᠨ
ᠨᠡᠶᠢᠲᠡᠯᠡᠭᠰᠡᠨ ᠴᠠᠭ᠄
2022/8/23
ᠪᠣᠣᠰᠤᠸᠠᠷ ︵ᠡᠷᠳᠡᠨᠢᠣᠨᠢᠰᠤ︶                                               ᠭᠠᠭᠴᠠᠭᠠᠷᠳᠠᠯ ᠪᠤᠶᠤ ᠤᠶᠢᠳᠬᠠᠷ ᠠᠯᠢᠨ ᠪᠤᠯᠬᠤ ᠶᠢ ᠢᠯᠭᠠᠵᠤ  ᠴᠢᠳᠠᠯ ᠦᠭᠡᠢ ᠪᠤᠳᠣᠯ ᠳᠤ ᠪᠠᠨ ᠬᠦᠳᠦᠯᠦᠭᠳᠡᠨ ᠦᠨᠦ ᠰᠦᠨᠢ ᠪᠢ ᠵᠠᠩᠭᠤᠳᠣ ᠶᠢᠨ ᠭᠤᠤᠯ ᠤᠨ ᠬᠦᠪᠡᠭᠡᠨ ᠳᠤ ᠳᠠᠬᠢᠨ ᠢᠷᠡᠯ᠎ᠡ᠃ ᠰᠡᠳᠬᠢᠯ ᠳᠤ ᠬᠤᠨᠤᠭᠰᠢᠭᠰᠠᠨ ᠦᠵᠡᠮᠵᠢ ᠤᠷᠤ ᠮᠦᠷ ᠦᠭᠡᠢ᠃ ᠪᠤᠳᠣᠯ ᠤᠨ ᠬᠤᠭᠤᠰᠣᠳᠣᠯ ᠢ ᠵᠦᠪᠬᠡᠨ ᠡᠨᠡ ᠦᠳᠡᠰᠢ ᠶᠢᠨ ᠠᠭᠠᠷ ᠠᠷᠭᠠᠳᠠᠵᠣ ᠰᠡᠳᠬᠢᠯ ᠤᠨ ᠬᠦᠨ ᠳᠠᠬᠢ ᠬᠡᠶᠦᠷᠡᠯ ᠤᠨ ᠬᠦᠩᠬᠡᠨ ᠮᠠᠨᠠᠨ ᠢ ᠢᠪ ᠢᠷᠡᠨ᠎ᠡ᠃ ᠬᠤᠷᠢᠨ ᠵᠢᠯ ᠤᠨ ᠡᠮᠦᠨ᠎ᠡ ᠡᠨᠡ ᠭᠤᠤᠯ  ᠤᠰᠤ ᠎ ᠲᠠᠢ ᠪᠠᠶᠢᠭᠰᠠᠨ᠂ ᠬᠤᠷᠢᠨ ᠵᠢᠯ ᠤᠨ ᠡᠮᠦᠨ᠎ᠡ ᠡᠨᠡ ᠭᠤᠤᠯ ᠤᠨ ᠬᠦᠪᠡᠭᠡᠨ ᠠᠴᠠ ᠤᠯᠬᠤ ᠶᠣᠰᠣᠳᠠᠢ ᠪᠠᠨ ᠤᠯᠵᠤ᠂ ᠦᠵᠡᠬᠦ ᠶᠤᠰᠣᠳᠠᠢ ᠪᠠᠨ ᠦᠵᠡᠵᠦ᠂ ᠠᠮᠰᠠᠬᠤ ᠶᠤᠰᠣᠳᠠᠢ ᠪᠠᠨ ᠠᠮᠰᠠᠵᠤ ᠬᠦᠩᠬᠡᠨ ᠬᠦᠪᠰᠦᠭᠡᠷ ᠮᠦᠷᠲᠡᠯ᠎ᠡ ᠪᠠᠨ ᠡᠬᠦᠷᠢᠳᠡ ᠶᠢᠨ ᠶᠤᠮ ᠰᠢᠭ᠋᠂ ᠵᠣᠷᠢᠮᠠᠭᠬᠠᠨ ᠵᠤᠵᠢᠭᠬᠠᠨ ᠠᠳᠠᠯ᠎ᠠ ᠦᠨᠢᠳᠡ ᠬᠠᠭᠠᠴᠠᠬᠤ ᠦᠭᠡᠢ ᠶᠤᠮ ᠰᠢᠭ᠋ ᠴᠢᠩᠭᠠᠬᠠᠨ ᠬᠤᠶᠠᠷ ᠭᠠᠷ ᠳᠣᠬᠤᠶᠢᠯᠠᠯᠴᠠᠵᠤ ᠪᠠᠶᠢᠭᠰᠠᠨ ᠨᠢ ᠣᠳᠣ ᠴᠦ ᠬᠡᠰᠡᠨ ᠨᠢᠳᠣᠨ ᠳᠤ ᠳᠣᠳᠣ ᠠᠴᠠ ᠳᠣᠳᠣ᠂ ᠦᠨᠡᠨ ᠠᠴᠠ ᠦᠨᠡᠨ ᠨᠢ ᠬᠤᠪᠢᠷᠠᠯᠳᠠ ᠦᠭᠡᠢ  ᠭᠡᠮᠡᠨ ᠦᠨᠦ ᠰᠦᠨᠢ ᠶᠢᠨ ᠰᠠᠯᠬᠢᠨ ᠴᠢᠬᠢᠨ ᠳᠤ ᠮᠢᠨᠢ ᠬᠦᠩᠬᠡᠬᠡᠨ ᠰᠢᠪᠡᠨᠡᠬᠦ ᠮᠡᠳᠦ︕      ᠳᠡᠷᠡ ᠵᠢᠯ ᠪᠢ ᠠᠷᠪᠠᠨ ᠳᠣᠯᠣᠭᠠᠳᠠᠢ᠂ ᠴᠢ ᠠᠷᠪᠠᠨ ᠳᠠᠪᠤᠳᠠᠢ ᠪᠠᠶᠢᠭᠰᠠᠨ᠃ ᠵᠡᠬᠦᠨ ᠡᠮᠦᠨᠡᠰᠢ ᠣᠯᠠᠭᠠᠨ ᠨᠠᠭᠤᠷ ᠤᠷᠣᠭᠤ ᠰᠤᠨᠤᠯᠵᠠᠨ ᠤᠷᠤᠰᠬᠤ ᠭᠤᠤᠯ ᠎ ᠤᠨ ᠬᠦᠪᠡᠭᠡᠨ ᠳᠤ ᠰᠠᠶᠢᠷ ᠬᠢᠰᠬᠢᠯᠡᠨ᠂ ᠴᠢᠯᠠᠭᠤ ᠢᠰᠬᠦᠯᠵᠦ᠂ ᠨᠠᠮᠤᠭᠤᠬᠠᠨ ᠬᠤᠷᠴᠢᠬᠢᠨᠠᠬᠤ ᠤᠰᠣᠨ ᠤ ᠳᠠᠭᠤᠨ ᠢ ᠴᠢᠩᠨᠠᠨ᠂ ᠶᠠᠳᠠᠷᠠᠯ ᠢᠶᠠᠨ ᠮᠠᠷᠳᠠᠭᠰᠠᠨ ᠮᠡᠯᠡᠬᠡᠢ ᠎ ᠶᠢᠨ ᠭᠤᠸᠠᠭᠯᠠᠯ  ᠪᠠᠷᠠᠳᠠᠨ ᠬᠡᠶᠢᠪᠡᠭᠡᠨ ᠰᠢᠨᠡᠳ ᠤᠨ ᠰᠠᠷᠠᠨ ᠤ  ᠳᠣᠶᠠᠭᠠᠨ ᠳᠣᠣᠷ᠎ᠠ ᠬᠠᠶᠠ ᠨᠡᠳᠦᠶᠢᠨ ᠢᠷᠡᠬᠦ ᠪᠠᠷᠠᠭᠠᠨ ᠡᠭᠦᠯᠡᠨ ᠤ ᠬᠠᠷᠠᠩᠭᠤᠢ ᠰᠡᠭᠦᠳᠡᠷ ᠠᠴᠠ ᠬᠤᠯᠮᠤᠬᠤ ᠰᠢᠭ᠋ ᠨᠢᠭᠡ ᠨᠢᠭᠡ ᠪᠠᠨ ᠰᠢᠷᠳᠡᠯᠴᠡᠨ ᠠᠰᠠᠭᠤᠬᠤ ᠬᠡᠰᠡᠨ ᠠᠰᠠᠭᠤᠯᠳᠠ ᠶᠢᠨ ᠬᠠᠭᠠᠰ ᠢ ᠬᠡᠯᠡᠭᠡᠳ ᠬᠠᠭᠠᠰ ᠢ ᠵᠠᠯᠭᠢᠭᠰᠠᠨ ᠴᠦ ᠤᠯᠬᠤ ᠭᠡᠰᠡᠨ ᠬᠠᠷᠢᠭᠤᠯᠳᠠ ᠪᠠᠨ ᠪᠦᠷᠢᠨ ᠤᠯᠵᠤ ᠬᠡᠨ ᠨᠢᠭᠡᠨ ᠢᠶᠠᠨ ᠪᠤᠤ ᠯᠠ ᠭᠤᠮᠤᠳᠠᠭᠠᠶ᠎ᠠ ᠬᠡᠰᠡᠨ ᠰᠢᠭ᠂ ᠬᠡᠨ ᠨᠢᠭᠡᠨ ᠳᠤ ᠪᠠᠨ ᠦᠨᠡᠨ ᠰᠡᠳᠬᠢᠯ ᠢᠶᠠᠨ  ᠣᠶᠢᠯᠠᠭᠠᠭᠤᠯᠵᠤ ᠴᠢᠳᠠᠬᠤ ᠦᠭᠡᠢ ᠠᠴᠠ ᠠᠶᠤᠨ ᠬᠦᠢᠬᠡᠨ ᠠᠰᠠᠭᠤᠯᠲᠠ ᠳᠤ ᠢᠳᠡᠭᠡᠯ ᠤᠨ ᠳᠠᠮᠠᠭ᠎ᠠ ᠳᠠᠷᠤᠨ ᠬᠡᠯᠡᠵᠦ ᠪᠠᠶᠢᠭᠰᠠᠨ ᠢ ᠠᠷᠴᠢᠭᠳᠠᠭ᠎ᠠ ᠦᠭᠡᠢ ᠴᠢᠯᠠᠭᠤᠳ ᠬᠡᠯᠡᠵᠦ ᠪᠠᠶᠢᠭ᠎ᠠ ᠮᠡᠳᠦ᠃ ︽ᠡᠨᠡ ᠰᠦᠨᠢ ᠶᠢᠨ ᠰᠠᠷᠠᠨ ᠮᠡᠳᠦ ᠴᠢᠮ᠎ᠠ ᠪᠠᠨ ᠳᠠᠩᠳᠠ ᠬᠠᠷᠠᠵᠤ ᠪᠠᠶᠢᠬᠤ ᠰᠠᠨ︾ ᠬᠡᠰᠡᠨ ᠳᠣᠭᠳᠣᠯᠣᠯ ᠤᠨ ᠶᠠᠷᠢᠶ᠎ᠠ ᠡᠷᠳᠡ ᠤᠵᠠᠭᠤᠷ ᠤᠨ ᠳᠣᠮᠤᠭ ᠮᠡᠳᠦ ᠦᠨᠦ ᠰᠦᠨᠢ ᠨᠠᠳᠠ ᠳᠠᠬᠢᠨ ᠰᠠᠨᠠᠭᠳᠠᠬᠤ ᠪᠠᠷ ᠪᠢ ᠴᠢᠨᠢ ᠴᠢᠮ᠎ᠠ ᠪᠠᠨ ᠬᠡᠴᠢᠨᠡᠨ ᠴᠦ ᠵᠢᠯ ᠭᠤᠮᠤᠳᠠᠭᠠᠭᠰᠠᠨ ᠢ ᠣᠳᠣ ᠠᠳᠡ ᠡᠴᠠ‌‍ᠲ᠋ᠠᠬᠢᠨ ᠲᠡᠭᠦᠵᠦ ᠪᠠᠶᠢᠨ᠎ᠠ᠃ ᠮᠠᠷᠲᠠᠭᠳᠠᠭᠰᠠᠨ ᠵᠦᠢᠯ ᠳᠠᠬᠢᠨ ᠰᠠᠨᠠᠭᠳᠠᠬᠤ ᠪᠠᠷ ᠰᠡᠳᠬᠢᠯ ᠦᠪᠡᠷ ᠤᠨ ᠡᠷᠬᠡ ᠦᠭᠡᠢ ᠡᠪᠬᠡᠷᠡᠵᠦ ᠱᠣᠷᠪᠤᠭ ᠨᠢ ᠠᠷᠭ᠎ᠠ ᠦᠭᠡᠢ ᠤᠷᠤᠰᠣᠨ ᠢᠷᠡᠬᠦ ᠪᠤᠳᠣᠯ ᠤᠨ ᠬᠦᠨᠳᠦ ᠭᠤᠨᠢᠭ ᠰᠠᠶᠢᠷ ᠲᠠᠢ ᠪᠠᠨ ᠬᠤᠪᠬᠤᠷᠤᠭᠰᠠᠨ ᠡᠨᠡ ᠭᠤᠤᠯ ᠤᠨ ᠤᠶᠢᠳᠬᠠᠷ ᠲᠠᠢ ᠶᠠᠭᠠᠬᠢᠵᠤ ᠠᠶᠠᠯᠳᠣᠭᠰᠠᠨ ᠢ ᠪᠢ ᠯᠠ ᠭᠠᠭᠴᠠᠭᠠᠷ ᠢᠶᠠᠨ ᠤᠶᠢᠯᠠᠭᠠᠵᠤ ᠬᠦᠨᠳᠦ ᠭᠤᠳᠣᠷᠠᠯ ᠢ ᠳᠠᠩᠨᠠᠵᠤ ᠪᠠᠶᠢᠨ᠎ᠠ᠃     ᠰᠠᠯᠤᠯᠳᠠ ᠬᠡᠵᠤ ᠶᠠᠭᠤ ᠰᠠᠶᠢᠨ ᠪᠢᠯᠡ ᠭᠡᠵᠤ ᠬᠡᠨᠡᠳᠬᠡᠨ ᠪᠤᠳᠣᠬᠤ ᠳᠤ ᠲᠦᠮᠡᠨ ᠡᠪᠬᠡᠭᠡᠰᠦᠲᠡᠢ ᠨᠢᠭᠡ ᠬᠤᠪᠢ ᠵᠠᠬᠢᠳᠠᠯ ᠬᠡᠷᠳᠡᠬᠢᠨ ᠰᠡᠳᠬᠢᠯ ᠳᠤ ᠢᠷᠡᠨ᠎ᠡ᠃ ᠨᠢᠳᠦᠨ ᠳᠤ ᠪᠠᠨ ᠭᠤᠨᠢᠭ ᠲᠠᠢ᠂ ᠪᠤᠳᠣᠯ ᠳᠤ ᠪᠠᠨ ᠳᠠᠷᠤᠭ᠎ᠠ ᠲᠠᠢ᠂ ᠤᠷᠣᠭᠤᠯ ᠴᠤᠷᠪᠤᠨ ᠦᠳᠡᠬᠦ ᠶᠢᠨ ᠠᠭᠱᠠᠨ ᠭᠠᠷᠳᠠᠭᠤᠯᠤᠭᠰᠠᠨ ᠳᠡᠷᠡ ᠬᠤᠪᠢ ᠵᠠᠬᠢᠳᠠᠯ ᠦᠨᠦ ᠪᠤᠯᠳᠠᠯ᠎ᠠ ᠰᠡᠳᠬᠢᠯ ᠤᠨ ᠬᠦᠨ ᠳᠤ ᠬᠡᠪᠳᠡᠭᠡᠰᠦᠳᠠᠢ ᠡᠪᠬᠡᠬᠡᠰᠦᠳᠠᠢ ᠬᠡᠪ ᠢᠶᠠᠷ᠃ ᠰᠠᠨᠠᠬᠤ ᠶᠢᠨ ᠳᠣᠭᠠᠯᠠᠩ ᠢᠶᠠᠷ ᠡᠷᠬᠢᠬᠦᠯᠦᠨ ᠤᠷᠪᠠᠭᠤᠯᠵᠤ ᠦᠵᠡᠬᠦ ᠳᠤ ᠣᠶᠢᠳᠬᠠᠷ ᠎ ᠤᠨ ᠮᠠᠨᠠᠨ ᠢᠪ ᠳᠠᠷᠣᠭᠠᠳ ᠢᠷᠡᠳᠡᠭ ᠬᠢᠷᠡᠨᠢ ᠠᠬᠢᠨ ᠳᠠᠬᠢᠨ ᠣᠷᠪᠠᠭᠤᠯᠬᠤ ᠳᠣᠷᠠᠳᠠᠢ ᠨᠢ ᠮᠢᠨᠤ ᠦᠴᠢᠨᠡᠨ ᠵᠢᠯ ᠤᠨ ᠢᠳᠡᠭᠡᠯ ᠤᠨ ᠬᠦᠴᠦᠨ  ᠭᠡᠯᠲᠡᠢ᠃ ︽ᠲᠠ ᠰᠢᠨ᠎ᠡ ᠣᠷᠴᠢᠨ᠂ ᠰᠢᠨ᠎ᠡ ᠨᠦᠬᠦᠳ ᠤᠨ ᠳᠣᠮᠳᠠ ᠰᠢᠨ᠎ᠡ ᠰᠣᠷᠤᠯᠭ᠎ᠠ ᠪᠠᠨ ᠡᠬᠢᠯᠡᠬᠦᠯᠬᠦ ᠤᠴᠢᠷ ᠨᠠᠮ᠎ᠠ ᠶᠢ ᠰᠡᠳᠬᠢᠯ ᠳᠤ ᠪᠠᠨ ᠬᠠᠳᠠᠭᠠᠯᠠᠵᠤ ᠴᠢᠳᠠᠳᠠᠭ ᠪᠢᠯᠡ ᠤᠤ︖︾ ᠬᠡᠰᠡᠨ ᠠᠰᠠᠭᠤᠯᠳᠠ ᠳᠤ ᠪᠢ ᠶᠠᠮᠠᠷᠬᠠᠨ ᠬᠠᠷᠢᠭᠤ ᠦᠭᠴᠦ ᠶᠠᠪᠤᠯ᠎ᠠ  ᠳ᠋ᠠ︕ ᠰᠣᠷᠣᠨ᠎ᠠ᠂ ᠬᠦᠮᠦᠨ ᠤ ᠳᠡᠭᠡᠳᠦ ᠪᠤᠯᠤᠨ᠎ᠠ᠂ ᠬᠦᠰᠡᠯ ᠤᠨ ᠰᠣᠷᠭᠠᠭᠤᠯᠢ ᠳᠤ ᠣᠷᠣᠨ᠎ᠠ᠂ ᠢᠩᠬᠢᠪᠡᠯ ᠴᠢ ᠮᠢᠨᠢ ᠬᠡᠴᠢᠨᠡᠨ ᠪᠠᠶᠠᠷᠯᠠᠵᠤ᠂ ᠬᠡᠳᠦᠢ ᠬᠦᠭᠡᠷᠳᠡᠭ ᠪᠤᠯ  ᠭᠡᠮᠡᠨ ᠦᠪᠡᠷ ᠤᠨ ᠵᠢᠷᠤᠭᠯᠠᠭᠰᠠᠨ ᠬᠦᠰᠡᠯ ᠳᠤ ᠪᠠᠨ ᠰᠣᠭᠳᠣᠨ ᠢᠷᠡᠭᠡᠳᠦᠢ ᠳᠤ ᠠᠭᠤᠯᠵᠠᠬᠤ ᠳᠤ ᠪᠠᠨ ᠰᠡᠳᠭᠢᠯ ᠳᠤ ᠴᠢ ᠮᠢᠨᠢ ᠮᠦᠩᠬᠡ ᠪᠠᠷ ᠢᠶᠠᠨ ᠪᠠᠶᠢᠵᠤ ᠪᠠᠶᠢᠭᠠᠳ ᠪᠠᠶᠢᠭᠰᠠᠨ ᠰᠢᠤ ᠬᠡᠰᠡᠨ ᠢ ᠦᠵᠡᠬᠦᠯᠬᠦ ᠡᠷᠴᠢ ᠬᠦᠴᠦ ᠳᠣᠳᠣᠭᠠᠳᠣ ᠳᠠᠮᠢᠷ ᠎ ᠲᠠᠢ ᠪᠠᠶᠢᠭᠰᠠᠨ ᠴᠦ ᠠᠮᠢᠳᠣᠷᠠᠯ ᠢ ᠳᠣᠯᠣᠭᠠᠨ ᠦᠩᠭᠡ ᠪᠠᠷ ᠳᠦᠰᠦᠪᠯᠡᠵᠦ ᠴᠢᠳᠠᠭ᠎ᠠ ᠦᠭᠡᠢ᠂ ᠵᠢᠷᠤᠭᠰᠠᠨ ᠵᠢᠷᠤᠭ ᠪᠤᠯᠭᠤᠭᠰᠠᠨ ᠢᠳᠡᠭᠡᠨ ᠢᠶᠠᠷ ᠢᠳᠡᠬᠡᠨ ᠴᠢᠳᠠᠭᠠᠳ ᠤᠴᠠᠷᠠᠵᠤ ᠴᠢᠳᠠᠭᠰᠠᠨ ᠤ ᠬᠤᠶᠢᠨ᠎ᠠ ᠰᠠᠯᠵᠤ ᠴᠦ ᠴᠢᠳᠠᠳᠠᠭ ᠢ ᠳᠠᠩᠴᠣ ᠤᠬᠠᠭᠰᠠᠨ ᠦᠭᠡᠢ ᠨᠢ ᠨᠠᠰᠣᠨ ᠤ ᠣᠰᠣᠯ ᠪᠤᠯᠵᠤ ᠦᠯᠡᠳᠡᠯ᠎ᠡ᠃      ᠤᠳᠣ ᠨᠠᠳᠠ ᠦᠯᠡᠳᠡᠭᠰᠡᠨ ᠨᠢ ᠶᠠᠭᠤ ᠪᠢᠯᠡ ᠬᠡᠮᠡᠨ ᠰᠢᠷᠭᠢᠭᠰᠡᠨ ᠡᠨᠡ ᠭᠤᠤᠯ ᠠᠴᠠ ᠠᠬᠢᠨ ᠠᠰᠠᠭᠤᠮᠠᠷ ᠪᠠᠶᠢᠨ᠎ᠠ᠃  ᠮᠦᠷᠦᠭᠡᠳᠦᠯ ᠢ ᠮᠢᠨᠢ ᠳᠠᠯᠠᠯᠵᠤ ᠦᠨᠦ ᠬᠦᠷᠦᠭᠰᠡᠨ ᠦᠯᠦ ᠦᠵᠡᠭᠳᠡᠬᠦ ᠳᠡᠷᠡ ᠨᠢᠭᠡᠨ ᠨᠢᠭᠤᠴᠠᠭᠠᠷ ᠵᠦᠢᠯ ᠴᠣᠬᠤᠮ ᠶᠠᠭᠤ ᠪᠢᠯᠡ︖ ᠬᠡᠮᠡᠨ ᠤᠯᠠᠨ ᠵᠢᠯ ᠡᠷᠭᠢᠬᠦᠯᠦᠨ ᠤᠷᠪᠠᠭᠤᠯᠤᠨ ᠪᠠᠶᠢᠭᠰᠠᠨ ᠴᠦ ᠳᠣᠳᠣ ᠬᠠᠷᠢᠭᠤᠯᠳᠠ ᠤᠯᠵᠤ ᠴᠢᠳᠠᠭ᠎ᠠ ᠦᠭᠡᠢ᠃ ᠪᠦᠷᠳᠡᠯᠵᠡᠨ ᠨᠡᠬᠦᠳᠡᠯᠯᠡᠬᠦ ᠡᠬᠦᠯᠡᠰ ᠤᠨ ᠵᠠᠢ ᠪᠠᠷ ᠠᠶᠠᠷᠬᠠᠨ ᠪᠤᠯᠳᠠᠶᠢᠬᠤ ᠰᠠᠷᠠᠨ ᠤ ᠴᠢᠷᠠᠢ ᠴᠢᠨᠦ ᠮᠢᠨᠢ ᠬᠠᠴᠠᠷ ᠰᠢᠭ᠋ ᠰᠡᠳᠬᠢᠯ ᠳᠤ ᠬᠡᠷᠡᠯᠳᠦᠬᠦ ᠪᠠᠷ ᠬᠡᠴᠢᠨᠡᠨ ᠵᠢᠯ ᠡᠷᠢᠨ ᠪᠠᠶᠢᠭᠰᠠᠨ ᠬᠠᠷᠢᠭᠤ ᠰᠡᠳᠬᠢᠯ ᠤᠨ ᠵᠠᠢ ᠳᠤ ᠤᠳᠠᠨ ᠤ ᠳᠣᠯᠣᠭᠠᠢ ᠰᠢᠭ᠋ ᠰᠠᠭᠰᠠᠶᠢᠨ ᠪᠠᠶᠢᠬᠤ ᠨᠢ ᠬᠠᠴᠢᠷᠬᠠᠯᠳᠠᠢ︕ ᠵᠤᠨ ᠤ ᠴᠢᠯᠦᠭᠡᠨ ᠳᠤ ᠤᠢ ᠳᠤ ᠶᠠᠪᠤᠵᠤ ᠵᠤᠭᠠᠴᠠᠭᠰᠠᠨ ᠤᠴᠢᠷ ᠬᠡᠬᠡᠷ᠎ᠡ ᠶᠢᠨ ᠰᠠᠯᠬᠢ ᠳᠠᠭᠠᠭᠤᠯᠵᠤ ᠢᠷᠡᠬᠦ ᠪᠠᠷ ᠬᠤᠭᠤᠯᠠᠢ ᠡᠪᠬᠡᠷᠡᠨ ᠰᠡᠳᠬᠢᠯ ᠎ ᠳᠤ ᠺᠤᠹᠧ ᠶᠢᠨ ᠠᠮᠳᠠᠳᠣ ᠪᠤᠶᠤ ᠴᠤᠺᠦᠯᠡᠳ᠋ ᠤᠨ ᠠᠮᠳᠠᠳᠣ ᠰᠢᠬᠢᠷ ᠵᠠᠯᠬᠢᠭᠰᠠᠨ ᠰᠢᠭ᠋ ᠰᠠᠨᠠᠭᠳᠠᠨ ᠮᠦᠷᠦᠭᠡᠳᠦᠯ ᠤᠨ ᠤᠴᠢᠭ ᠴᠠᠬᠢᠯᠭᠠᠨ ᠪᠤᠯᠵᠤ ᠪᠦᠬᠦ ᠪᠡᠶ᠎ᠡ ᠶᠢ ᠡᠷᠪᠡᠭᠡᠨᠡᠬᠦᠯᠦᠭᠰᠡᠨ ᠢᠶᠠᠨ ᠬᠤᠷᠤᠭᠤᠨ ᠤ ᠦᠵᠦᠬᠦᠷ ᠢᠶᠠᠷ ᠭᠠᠷᠬᠤ ᠰᠢᠤᠬᠠᠨ ᠪᠤᠯᠤᠭᠰᠠᠨ ᠢᠶᠠᠨ ᠳᠠᠬᠢᠨ ᠯᠠ ᠪᠠᠶᠢᠳᠠᠭ ᠤᠶᠤᠨ ᠮᠢᠩᠭᠠᠨ ᠴᠡᠴᠡᠭ ᠤᠨ ᠦᠵᠡᠰᠬᠦᠯᠡᠩᠲᠦ ᠬᠦᠷᠢᠶᠡᠨ ᠳᠤ ᠳᠣᠭᠤᠷᠢᠨ ᠪᠠᠶᠢᠵᠤ ᠪᠠᠶᠠᠰᠣᠭᠰᠠᠨ ᠰᠢᠭ᠋ ᠡᠰᠡᠬᠦᠯ᠎ᠡ ᠨᠠᠩᠴᠢᠳ ᠲᠤ ᠨᠠᠮ ᠴᠤᠬᠢᠭᠤᠯᠤᠨ  ᠬᠠᠯᠠᠮᠰᠠᠭᠰᠠᠨ ᠰᠢᠭ᠋ ᠬᠦᠭᠡᠷᠦᠯ ᠤᠨ ᠴᠡᠭ ᠨᠢᠭᠡ ᠯᠠ ᠳᠣᠣᠷ᠎ᠠ ᠮᠢᠩᠭᠠᠨ ᠳᠡᠭᠳᠡᠷ  ᠳᠡᠭᠡᠭᠰᠢᠯᠡᠨ ᠨᠠᠳᠠ ᠶᠢ ᠳᠣᠩ ᠴᠦ ᠣᠯᠠᠨ ᠵᠢᠯ ᠮᠦᠷᠦᠭᠡᠳᠦᠯ ᠳᠤ ᠱᠤᠩᠪᠠᠭᠤᠯᠤᠭᠰᠠᠨ ᠲᠣᠬᠠᠢ ᠶᠠᠷᠢᠬᠤ ᠰᠢᠭ᠋᠃ ᠰᠣᠷᠭᠠᠭᠤᠯᠢ ᠶᠢᠨ ᠠᠷᠣ ᠬᠡᠷᠡᠮ ᠤᠨ ᠪᠤᠯᠤᠩ ᠳᠤ ᠭᠡᠭᠡᠭᠡᠭᠰᠡᠨ‌ᠣᠭᠵᠢ ᠲᠠᠢ᠂ ᠰᠦᠨ ᠳᠠᠯᠬ᠎ᠠ ᠲᠠᠢ᠂ ᠵᠠᠬᠢᠳᠠᠯ ᠲᠠᠢ᠂ ᠮᠠᠨᠴᠦᠢ ᠲᠠᠢ ᠬᠡᠤᠬᠡᠳ ᠢ ᠦᠷᠡᠴᠢᠯᠡᠵᠦ ᠠᠪᠬᠤ ᠰᠠᠨᠠᠯ ᠳᠡᠯᠭᠡᠨ ᠨᠢᠯᠪᠤᠰᠣᠨ ᠨᠢᠳᠦᠯᠡᠨ ᠬᠤᠷᠸ᠎ᠠ ᠶᠢᠨ ᠳᠡᠭᠰᠢ ᠪᠤᠰᠣ ᠳᠤ ᠳᠤᠷ᠎ᠠ ᠦᠭᠡᠶᠢᠴᠡᠭᠰᠡᠨ ᠪᠤᠶᠤ ᠰᠠᠨᠠᠭ᠎ᠠ ᠪᠠᠶᠢᠭᠠᠳ ᠤᠨᠤᠭ᠎ᠠ ᠬᠦᠷᠬᠦ ᠦᠭᠡᠢ ᠳᠤ ᠪᠠᠨ ᠬᠠᠷᠠᠭᠤᠰᠤᠨ ᠤᠷᠤᠢ ᠶᠢᠨ ᠬᠤᠭᠤᠯᠠ ᠪᠠᠨ ᠴᠦ ᠢᠳᠡᠯ ᠦᠭᠡᠢ ᠵᠤᠪᠠᠯ ᠵᠠᠯᠬᠢᠯᠠᠨ ᠪᠠᠶᠢᠵᠤ ᠦᠩᠭᠡᠷᠡᠭᠡᠭᠰᠡᠨ ᠳᠣᠬᠠᠢ ᠣᠳᠣ ᠰᠠᠨᠠᠬᠤ ᠳᠤ ᠴᠢ ᠮᠢᠨᠢ ᠦᠷᠦᠪᠴᠢᠬᠦᠨ ᠡᠩᠬᠦᠷᠡᠶᠢᠭᠡᠨ ᠢ ᠳᠣᠷᠦᠯᠬᠢ ᠠᠪᠴᠣ ᠵᠠᠶᠠᠭᠠᠭᠰᠠᠨ ᠭᠡᠮᠡᠷ᠃ ᠳᠡᠶᠢᠮᠤ ᠴᠦ ᠤᠴᠢᠷ ᠴᠢ ᠮᠢᠨᠢ ᠮᠢᠨᠦ ᠦᠨᠡᠨ ᠬᠠᠶᠢᠷ᠎ᠠ ᠶᠢᠨ ᠨᠤᠶᠠᠨ ᠤᠷᠭᠢᠯ ᠢ ᠭᠠᠭᠴᠠᠭᠠᠷ ᠡᠵᠡᠷᠬᠡᠨ ᠬᠤᠷᠢᠨ ᠵᠢᠯ ᠢ ᠦᠩᠭᠡᠷᠡᠭᠡᠭᠰᠡᠨ ᠪᠠᠶᠢᠬᠤ ᠡ᠃ ᠠᠢ ᠳ᠋ᠠ︕ ᠠᠮᠢᠳᠣᠷᠠᠯ ᠬᠡᠵᠦ ᠠᠯᠤᠰ ᠲᠤ ᠪᠠᠶᠢᠬᠤ ᠳᠤ ᠳᠡᠭᠷᠢ ᠪᠤᠯᠵᠤ ᠰᠠᠨᠠᠭᠳᠠᠨ᠂ ᠠᠯᠠᠭᠠᠨ ᠳᠤ ᠪᠠᠶᠢᠬᠤ ᠳᠤ ᠠᠷᠭ᠎ᠠ ᠦᠭᠡᠢ ᠯᠠ ᠦᠴᠦᠬᠡᠨ ᠬᠠᠷᠠᠭᠳᠠᠳᠠᠭ ᠠᠴᠠ ᠬᠦᠮᠦᠨ ᠶᠡᠷᠦ ᠨᠢ ᠰᠠᠨᠠᠬᠤ ᠶᠢᠨ ᠵᠤᠪᠠᠯᠠᠩ ᠳᠤ ᠳᠥᠭᠡᠷᠢᠳᠡᠭ ᠪᠠᠶᠢᠨ᠎ᠠ ᠳ᠋ᠠ︕ ᠰᠠᠨᠠᠬᠤ ᠭᠡᠵᠤ ᠳ᠋ᠠ  ᠨᠢᠭᠡ ᠪᠤᠳᠣᠬᠤ ᠳᠤ  ᠣᠯᠤᠯᠲᠠ ᠭᠡᠵᠤ ᠤᠯᠵᠠᠷᠬᠠᠯᠠᠬᠤ᠂ ᠬᠡᠨᠡᠳᠳᠡ ᠪᠤᠳᠣᠬᠤ ᠳᠤ ᠵᠤᠪᠠᠯᠠᠩ ᠭᠡᠵᠦ ᠠᠨᠳᠠᠭᠤᠷᠠᠮᠠᠷ ᠪᠠᠶᠢᠳᠠᠭ ᠢ ᠶᠠᠭᠠᠬᠢᠨ᠎ᠠ᠃        ᠡᠨᠡ ᠭᠤᠤᠯ ᠠᠴᠠ ᠵᠤᠪᠠᠯᠠᠩ ᠵᠢᠷᠭᠠᠯ ᠠᠯᠢᠨ ᠪᠤᠯᠬᠤ ᠶᠢ ᠢᠯᠭᠠᠵᠤ ᠴᠢᠳᠠᠯ ᠦᠭᠡᠢ ᠳᠣᠷᠠᠳᠬᠠᠯ ᠬᠢᠯᠢᠰᠳᠡᠯ ᠶᠠᠭᠤ ᠪᠤᠯᠬᠤ ᠶᠢ ᠮᠡᠳᠡᠯ ᠦᠭᠡᠢ ᠪᠤᠳᠣᠯ ᠤᠨ ᠶᠠᠳᠠᠷᠠᠭ᠎ᠠ ᠪᠠᠨ ᠳᠡᠭᠡᠭᠡᠵᠦ ᠦᠨᠦᠳᠦᠷ ᠲᠤ ᠢᠷᠡᠭᠰᠡᠨ᠃ ᠦᠨᠦ ᠴᠢ ᠮᠢᠨᠢ ᠬᠡᠨ ᠤ ᠬᠦᠮᠦᠨ ᠪᠤᠯᠤᠭᠠᠳ ᠶᠠᠪᠤᠵᠤ ᠪᠠᠶᠢᠨ᠎ᠠ  ᠬᠡᠵᠦ ᠪᠤᠳᠣᠬᠤ ᠪᠠᠷ ᠦᠯᠦ ᠮᠡᠳᠡᠬᠦ ᠵᠤᠪᠠᠨᠢᠯ ᠰᠡᠳᠬᠢᠯ ᠳᠤ ᠪᠤᠷᠤᠭᠠᠨ ᠤ ᠡᠭᠦᠯᠡ ᠰᠢᠭ ᠬᠤᠷᠠᠬᠤ ᠶᠢ ᠶᠠᠭᠠᠬᠢᠨ᠎ᠠ᠃ ᠬᠦ᠋ ᠬᠠᠷᠠᠬᠠᠨ ᠭᠡᠵᠢᠭᠡ ᠶᠢ ᠴᠢᠨᠢ ᠪᠠᠷᠠᠯᠠᠨ ᠬᠤᠴᠣᠷᠠᠭᠰᠠᠨ ᠨᠠᠮᠤᠷ ᠤᠨ ᠨᠢᠭᠡᠨ ᠡᠳᠦᠷ ᠪᠤᠳᠣᠯ ᠳᠤ ᠳᠠᠬᠢᠨ ᠢᠷᠡᠬᠦ ᠪᠠᠷ ᠬᠠᠶᠢᠷ᠎ᠠ ᠪᠠᠨ ᠳᠠᠭᠠᠭᠠᠬᠤ ᠦᠭᠡᠢ ᠪᠤᠶᠠᠨ ᠭᠡᠭᠴᠢ ᠶᠠᠭᠤ ᠪᠤᠯᠬᠤ ᠶᠢ ᠰᠡᠳᠬᠢᠯ ᠢᠶᠠᠷ ᠢᠶᠠᠨ ᠮᠡᠳᠡᠷᠡᠭᠰᠡᠨ᠃ ᠠᠢ ᠳ᠋ᠠ ᠶᠠᠭᠠᠬᠢᠨ᠎ᠠ ᠳ᠋ᠠ︕ ᠵᠢᠷᠭᠠᠯ ᠳᠠᠭᠠᠭᠠᠬᠤ ᠦᠭᠡᠢ ᠵᠤᠪᠠᠯᠠᠩ ᠭᠡᠵᠦ ᠡᠨᠡ ᠤᠤ ᠳ᠋ᠠ ᠭᠡᠮᠡᠨ ᠡᠩᠭᠡᠷ ᠳᠡᠪᠳᠡᠭᠡᠬᠦ ᠨᠢᠯᠪᠤᠰᠣ ᠪᠠᠨ ᠳᠣᠳᠣᠭᠰᠢ ᠪᠠᠨ ᠵᠠᠯᠬᠢᠬᠤ ᠳᠤ ᠬᠤᠷᠸ᠎ᠠ ᠶᠢᠨ ᠠᠮᠢᠳᠣᠷᠠᠯ ᠨᠠᠳᠠ ᠪᠠᠷᠠᠭᠠᠯᠠᠵᠤ ᠰᠠᠨᠠᠭᠳᠠᠭᠰᠠᠨ᠃ ᠤᠷᠴᠢᠯᠠᠩ ᠢᠶᠠᠷ  ᠠᠷᠢᠯᠵᠢᠰᠢ ᠦᠭᠡᠢ ᠬᠠᠶᠢᠷ᠎ᠠ ᠨᠠᠳᠠ ᠦᠷᠳᠡᠭ ᠦᠭᠡᠢ ᠪᠤᠳᠣᠭᠳᠠᠭᠰᠠᠨ᠃ ᠦᠨᠦᠴᠢᠷᠡᠯ ᠶᠠᠭᠤ ᠪᠤᠯᠬᠤ ᠶᠢ ᠮᠡᠳᠡᠷᠡᠵᠦ ᠦᠨᠦᠴᠢᠨ ᠡᠯᠢᠭᠡ  ᠡᠮᠲᠡᠷᠡᠵᠦ ᠠᠮᠢᠳᠣᠷᠠᠯ ᠢ ᠠᠩᠬ᠎ᠠ ᠦᠨᠡᠨ ᠤ ᠨᠢᠳᠣ ᠪᠠᠷ ᠬᠠᠷᠠᠭᠰᠠᠨ᠃ ᠳᠡᠶᠢᠮᠤ ᠳᠡᠭᠡᠵᠦ ᠪᠢ ᠳᠣᠮᠣᠭᠠᠵᠢᠵᠤ ᠡᠷ᠎ᠡ ᠬᠦᠮᠦᠨ ᠬᠡᠰᠡᠨ ᠨᠡᠷ᠎ᠡ ᠣᠷᠣᠭᠤ ᠣᠯᠠᠮ ᠳᠦᠬᠦᠭᠰᠡᠨ᠃ ᠦᠨᠦ ᠰᠦᠨᠢ ᠡᠬᠦᠨ ᠢ ᠪᠤᠳᠣᠵᠣ ᠰᠠᠭᠤᠬᠤ ᠳᠤ ᠠᠶᠠᠰ ᠠᠶᠠᠰ ᠤᠨ ᠰᠠᠯᠬᠢ ᠠᠮᠢᠳᠣᠷᠠᠯ ᠤᠨ ᠬᠦᠩᠭᠡᠨ ᠬᠠᠭᠤᠳᠠᠮ ᠲᠠᠢ ᠵᠡᠷᠭᠡᠴᠡᠵᠦ ᠨᠢᠭᠡ ᠪᠤᠳᠣᠭᠳᠠᠨ᠂ ᠣᠭᠲᠠᠷᠭᠤᠢ ᠪᠠᠷ ᠳᠦᠬᠦᠷᠡᠩ ᠤᠳᠣᠳ  ᠴᠢᠨᠤ ᠳᠦᠯᠦᠭᠡ ᠡᠮᠵᠡᠭᠯᠡᠭᠰᠡᠨ ᠵᠢᠷᠦᠬᠡᠨ ᠤ ᠰᠢᠷᠬ᠎ᠠ ᠪᠤᠯᠵᠤ ᠨᠢᠭᠡ ᠪᠤᠳᠣᠭᠳᠠᠨ ᠪᠠᠶᠢᠬᠤ ᠮᠢᠨᠢ ᠦᠷᠦᠪᠳᠦᠯᠳᠠᠢ᠃ ᠠᠮᠢᠳᠣᠷᠠᠯ ᠤᠨ ᠣᠷᠳᠣ ᠭᠤᠤᠯ ᠢ ᠪᠠᠷᠠᠳᠠᠨ ᠵᠤᠪᠠᠵᠤ ᠨᠢᠭᠡ᠂ ᠭᠤᠨᠢᠷᠬᠠᠵᠤ ᠨᠢᠭᠡ᠂ ᠭᠦᠭᠡᠷᠴᠤ ᠨᠢᠭᠡ᠂ ᠪᠠᠶᠠᠷᠯᠠᠵᠤ ᠨᠢᠭᠡ ᠶᠠᠪᠤᠬᠤ ᠳᠤ ᠬᠦᠨ ᠴᠡᠩᠬᠡᠷ ᠤᠰᠣᠨ ᠳᠤ ᠨᠢ ᠵᠢᠪᠴᠣ ᠨᠢᠭᠡ᠂ ᠤᠮᠪᠠᠵᠤ ᠨᠢᠭᠡ ᠤᠬᠠᠭᠠᠷᠠᠳᠠᠭ ᠵᠢᠮ᠎ᠡ ᠲᠠᠢ ᠶᠤᠮ ᠪᠠᠶᠢᠨ᠎ᠠ᠃ ᠲᠠᠨ ᠳᠤ ᠪᠠᠨ ᠪᠠᠶᠠᠷᠯᠠᠭᠰᠠᠨ ᠰᠢᠤ  ᠭᠡᠮᠡᠨ ᠪᠤᠳᠣᠯ ᠎ ᠠᠴᠠ ᠪᠠᠨ  ᠰᠡᠷᠡᠭᠦ ᠳᠤ ᠣᠳᠣᠳ ᠰᠣᠪᠤᠷᠴᠤ ᠦᠷ ᠴᠠᠶᠢᠬᠤ ᠶᠢᠨ ᠲᠡᠮᠲᠡᠭ ᠳᠡᠭᠷᠢ ᠶᠢᠨ ᠬᠠᠶᠠᠭᠠᠨ᠎ᠠ ᠮᠡᠳᠡᠭᠳᠡᠭᠰᠡᠨ ᠪᠠᠶᠢᠯ᠎ᠠ᠃                   ᠵᠠᠩᠭᠤᠳᠣ ᠶᠢᠨ ᠭᠤᠤᠯ ᠤᠨ ᠰᠠᠷᠠᠨ                   ᠳᠡᠭᠷᠢ ᠳᠤ ᠪᠠᠨ ᠯᠠ ᠭᠡᠷᠡᠯ ᠲᠠᠢ                   ᠵᠢᠭᠠᠬᠠᠨ ᠪᠠᠭ᠎ᠠ ᠶᠢᠨ ᠴᠢ ᠯᠠ ᠮᠢᠨᠢ                   ᠳᠡᠨᠢᠭᠦᠨ ᠰᠡᠳᠬᠢᠯ ᠳᠤ ᠮᠢᠨᠢ ᠮᠦᠰᠢᠶᠡᠯ ᠲᠠᠢ᠃    
ᠢᠷᠡᠯᠲᠡ᠄ ᠲᠤᠰ ᠰᠦᠯᠵᠢᠶ᠎ᠡ