ᠡᠨᠡ ᠡᠳᠦᠷ ᠬᠦᠤ ᠮᠢᠨᠢ ᠢᠷᠡᠨ᠎ᠡ
ᠨᠡᠶᠢᠲᠡᠯᠡᠭᠰᠡᠨ ᠴᠠᠭ᠄
2022/8/23
       ᠦᠨᠦᠳᠦᠷ ᠪᠣᠯ ᠦᠭᠡᠯᠵᠢᠨ ᠰᠠᠷ᠎ᠠ ᠶᠢᠨ ᠬᠤᠷᠢᠨ ᠬᠤᠶᠠᠷ ᠪᠢᠯᠡ᠃ ᠪᠢ  ᠬᠤᠰᠢᠭᠤᠨ ᠳᠤ ᠤᠴᠢᠭᠠᠳ  ᠰᠢᠨ᠎ᠡ  ᠎ ᠶᠢᠨ ᠪᠠᠷᠠᠭ᠎ᠠ ᠡᠨᠡ ᠲᠡᠷᠡ ᠪᠠᠨ ᠠᠪᠤᠭᠠᠳ᠂ ᠬᠠᠷᠢᠬᠤ ᠪᠠᠷ ᠲᠠᠪᠬᠢᠨ᠎ᠠ᠃ ᠮᠠᠨ ᠤ ᠭᠡᠷ ᠤᠨ ᠬᠠᠷᠢᠬᠤ ᠵᠠᠮ ᠲᠠᠭᠡᠷ᠎ᠡ ᠨᠢ ︽ ᠵᠢᠷᠭᠠᠯᠠᠩᠳᠦ︾ ᠨᠠᠰᠣᠲᠠᠶᠢᠴᠣᠳ ᠤᠨ ᠠᠰᠠᠷᠠᠭᠴᠢ ᠶᠢᠨ ᠬᠦᠷᠢᠶᠠᠡᠯᠡᠭ  ᠎ ᠲᠠᠢ᠃ ᠲᠡᠨᠳᠡ ᠮᠢᠨᠤ ᠲᠠᠨᠢᠳᠠᠭ  ᠲᠤᠷᠵᠢ ᠠᠪᠤ  ᠮᠢᠨᠢ ᠰᠠᠭᠤᠳᠠᠭ  ᠃  ᠲᠡᠷᠡ ᠪᠣᠯ ᠮᠢᠨᠤ ᠠᠪᠤ ᠶᠢᠨ ᠬᠠᠮᠲᠤ ᠰᠤᠷᠤᠯᠭᠠᠳᠠᠨ ᠨᠢ ᠪᠦᠭᠡᠳ ᠪᠠᠭ᠎ᠠ ᠶᠢᠨ ᠨᠠᠶᠢᠵᠠ ᠨᠢ ᠪᠤᠯᠤᠨ᠎ᠠ᠃ ᠠᠪᠤ  ᠲᠠᠩᠳᠡ ᠪᠠᠨ ᠯᠠ ︽ᠬᠦᠤ ᠮᠢᠨᠢ ᠵᠠᠪ ᠴᠢᠯᠦᠭᠡ ᠪᠠᠷ ᠢᠶᠠᠨ ᠳᠤᠷᠵᠢ ᠠᠪᠤ  ᠎ ᠲᠠᠢ  ᠎ ᠪᠠᠨ ᠤᠴᠢᠵᠤ ᠵᠤᠯᠭᠠᠳᠠᠭ ᠶᠤᠮ ᠰᠢᠤ᠂ ᠬᠦᠭᠡᠷᠦᠬᠦᠢ ᠲᠡᠷᠡ ᠮᠢᠨᠢ ᠭᠠᠭᠴᠠᠭᠠᠷᠬᠠᠨ᠂  ᠦᠷ᠎ᠡ ᠶᠢᠨ ᠭᠠᠭᠴᠠ ᠬᠦᠤ ᠨᠢ ᠪᠠᠰᠠ ᠭᠠᠳᠠᠭᠠᠳᠤ ᠳᠤ ᠠᠵᠢᠯ ᠲᠠᠢ︾ ᠭᠡᠵᠦ ᠶᠡᠷᠢᠳᠠᠭ᠃ ᠴᠤᠬᠤᠮ ᠠᠪᠤ ᠶᠢᠨ ᠵᠠᠬᠢᠭᠰᠠᠨ ᠢ   ᠴᠡᠭᠡᠵᠢᠯᠡᠭᠰᠡᠨ ᠎ ᠤ ᠬᠢ ᠪᠤᠯᠪᠠᠤ︖  ᠪᠢ ᠡᠨᠡ ᠵᠠᠮ ᠢᠶᠠᠷ ᠶᠠᠪᠤᠬᠤ ᠪᠤᠯᠭᠠᠨ ᠲᠡᠷᠡ ᠠᠪᠤ   ᠮᠢᠨᠤ ᠪᠤᠳᠤᠯ ᠳᠤ ᠬᠡᠵᠢᠶᠡᠳᠡ ᠪᠠᠨ   ᠪᠤᠳᠤᠭᠳᠠᠨ᠎ᠠ᠃      ︽ᠵᠢᠷᠭᠠᠯᠠᠩᠲᠦ︾ ᠨᠠᠰᠤᠲᠠᠶᠢᠴᠦᠳ ᠤᠨ ᠠᠰᠠᠷᠠᠭᠴᠢ ᠶᠢᠨ ᠬᠦᠷᠢᠶᠡᠯᠡᠩ ᠦᠨᠦᠳᠦᠷ ᠡᠯᠦᠢ ᠬᠤᠯᠦᠢ᠃ ᠬᠦᠮᠦᠰ ᠪᠦᠷ ᠰᠢᠨᠡᠯᠡᠬᠦ ᠪᠠᠷ ᠬᠠᠷᠢᠵᠠᠭᠠᠭᠰᠠᠨ ᠪᠤᠯᠬᠤᠷ ᠬᠤᠭᠤᠰᠤᠨ ᠪᠠᠶᠢᠰᠢᠩ ᠬᠦᠷᠢᠶ᠎ᠡ  ᠎ ᠨᠢ ᠭᠠᠭᠴᠠᠭᠠᠷᠳᠠᠯ ᠶᠠᠭᠤ ᠭᠡᠳᠡᠭ ᠢ ᠦᠵᠡᠭᠦᠯᠵᠤ ᠪᠠᠶᠢᠯ᠎ᠠ᠃ ᠬᠡᠳᠦᠨ ᠲᠠᠪᠠᠭ ᠦᠨᠳᠦᠷ ᠤᠯᠢᠶᠠᠰᠤ ᠰᠠᠯᠬᠢᠨ ᠳᠤ ᠲᠠᠶᠢᠪᠤᠡᠭ ᠨᠠᠶᠢᠭᠤᠬᠤ ᠨᠢ ᠶᠠᠭ ᠯᠠ ᠡᠨᠡ ᠬᠦᠷᠢᠶᠡᠨ ᠤ ᠡᠵᠡᠷᠬᠡᠭᠴᠢ ᠪᠤᠯ ᠪᠢ ᠭᠡᠭᠦ‍ ᠰᠢᠭ᠃      ᠭᠦᠷᠢᠶᠠᠨ ᠡᠭᠦᠳᠡᠨ ᠲᠡᠭᠡᠷ᠎ᠡ ᠠᠰᠠᠷᠠᠭᠴᠢᠳ ᠨᠠᠰᠤᠲᠠᠶᠢᠴᠤᠳ ᠢ ᠨᠢᠭᠡ ᠨᠢᠭᠡ ᠪᠠᠷ ᠬᠡᠤᠬᠡᠳ ᠤᠳ ᠲᠤ ᠨᠢ ᠳᠤᠰᠢᠶᠠᠵᠤ᠄ ︽ᠰᠢᠨ᠎ᠠ ᠵᠢᠯ ᠲᠤ ᠪᠠᠨ ᠪᠠᠶ᠎ᠠ ᠪᠠᠨ ᠰᠠᠶᠢᠬᠠᠨ ᠰᠤᠪᠢᠯᠠᠨ᠂ ᠪᠠᠶᠠᠷ ᠵᠢᠷᠭᠠᠯ ᠲᠠᠢ ᠪᠠᠶᠢᠭᠠᠷᠠᠢ︕︾  ᠭᠡᠵᠦ ᠮᠤᠷᠳᠠᠭᠤᠯᠵᠤ ᠪᠠᠶᠢᠪᠠ᠃ ᠡᠪᠦᠭᠡ ᠡᠮᠡᠭᠡ ᠨᠠᠷ ᠬᠡᠤᠬᠡᠳ ᠲᠠᠢ ᠪᠠᠨ ᠭᠠᠷ ᠭᠠᠷ ᠪᠠᠨ ᠭᠦᠳᠦᠯᠡᠯᠴᠡᠨ ᠨᠢᠭᠤᠷ  ᠎ ᠳᠠᠭᠠᠨ ᠪᠠᠶᠠᠷ ᠤᠨ ᠭᠡᠭᠡ ᠳᠠᠲᠠᠨ᠎ᠠ᠃ ᠬᠦᠷᠢᠶᠡᠨ ᠲᠤᠳᠤᠷ᠎ᠠ ᠲᠠᠮᠢᠷ ᠤᠨ ᠬᠤᠪᠴᠠᠰᠤ ᠡᠮᠦᠰᠦᠭᠰᠠᠨ ᠨᠠᠶᠠᠭᠠᠳ ᠨᠠᠰᠣᠲᠠᠢ ᠠᠪᠤ ᠲᠠᠶ᠋ᠢᠭ ᠢᠶᠠᠨ ᠲᠤᠭᠰᠢᠯᠠᠨ ᠨᠠᠭᠠᠰᠢ ᠴᠠᠭᠠᠰᠢ ᠠᠯᠬᠤᠯᠠᠨ ᠲᠤᠭᠲᠠᠪᠤᠷᠢ ᠠᠯᠳᠠᠬᠤ ᠶᠤᠮ᠃ ᠪᠢ ᠲᠡᠷᠡ ᠨᠠᠰᠣᠲᠠᠨ ᠢ ᠦᠵᠡᠮᠡᠭᠴᠡ ᠳᠤᠷᠵᠢ ᠠᠪᠤ ᠪᠠᠶᠢᠭ᠎ᠠ ᠶᠢ ᠲᠠᠨᠢᠪᠠ᠃       ᠡᠨᠡ ᠨᠠᠰᠤᠲᠠᠨ ᠬᠡᠳᠦᠶᠢᠪᠡᠷ ᠠᠪᠤ ᠶᠢᠨ ᠬᠠᠮᠲᠤ ᠰᠤᠷᠤᠯᠳᠠᠭᠠᠨ ᠪᠤᠯᠪᠠᠴᠤ᠂ ᠬᠡᠳᠦᠨ ᠵᠢᠯ ᠤᠨ ᠡᠮᠦᠨ᠎ᠡ ᠪᠢ ᠠᠳᠡ ᠡᠵᠢ ᠪᠠᠨ ᠲᠠᠭᠠᠭᠠᠳ ᠨᠢᠭᠡ ᠬᠤᠯᠠ ᠶᠢᠨ ᠳᠦᠷᠦᠯ ᠲᠠᠢ ᠵᠤᠯᠭᠠᠬᠤ ᠪᠠᠷ ᠢᠷᠡᠬᠦ  ᠎ ᠳᠡᠭᠡᠨ ᠲᠡᠭᠦᠨ ᠲᠠᠢ ᠰᠠᠶᠢᠬᠠᠨ ᠲᠠᠨᠢᠯᠴᠠᠭᠰᠠᠨ ᠶᠤᠮ᠃ ᠲᠤᠷᠵᠢ ᠠᠪᠤ ᠪᠣᠯ ᠶᠡᠭᠡ ᠡᠶᠡᠯᠳᠡᠭ  ᠬᠠᠯᠠᠭᠤᠮᠰᠤᠭ ᠵᠠᠩ ᠲᠠᠢ ᠬᠦᠮᠦᠨ ᠪᠠᠶᠢᠪᠠ᠃ ᠲᠡᠷᠡ ᠪᠢᠳᠠᠨ ᠲᠠᠢ ᠠᠭᠤᠯᠵᠠᠭᠠᠳ  ᠡᠵᠢ ᠲᠠᠢ  ᠮᠡᠨᠳᠦᠴᠢᠯᠡᠭᠡᠳ ᠨᠠᠮᠠᠢᠢ ᠦᠵᠡᠮᠡᠭᠴᠡ᠄ ︽ᠡᠨᠡ ᠬᠦᠤ ᠮᠠᠨ ᠤ ᠪᠠᠭᠠᠲᠤᠷ ᠤᠨ ᠵᠠᠯᠠᠭᠤ ᠦᠶ᠎ᠡ ᠎ ᠲᠠᠢ ᠠᠪ ᠠᠳᠠᠯᠢ  ᠪᠠᠶᠢᠨ᠎ᠠ ᠰᠢᠣ᠂ ᠠᠪᠤ  ᠴᠢᠨᠢ  ᠲᠡᠭᠡᠭᠡᠳ ᠶᠠᠭᠤᠨ ᠳᠠᠭᠠᠨ ᠡᠭᠦᠷᠳᠡᠵᠦ ᠪᠠᠶᠢᠨ᠎ᠠ︖︾ ᠭᠡᠵᠤ ᠰᠢᠭᠤᠳ ᠨᠠᠳᠠ ᠲᠠᠢ ᠶᠠᠭ ᠲᠠᠨᠢᠯ ᠰᠢᠭ᠋  ᠶᠡᠷᠢᠯ᠎ᠠ ᠃  ᠪᠢ  ᠄  ︽ᠠᠪᠤ ᠭᠡᠷ  ᠎ ᠲᠤ ᠪᠠᠨ ᠪᠠᠶᠢᠬᠤ  ︾ ᠭᠡᠳ ᠯᠠ  ᠡᠵᠢ ᠶᠢᠨ ᠲᠡᠷᠭᠡᠳᠡ ᠲᠤᠭᠤᠢ ᠵᠤᠭᠰᠤᠬᠤ ᠳᠤ  ᠄ ︽ ᠲᠡᠨᠡᠷ ᠤᠨ ᠡᠷᠢᠬᠦ ᠭᠡᠰᠡᠨ ᠲᠦᠷᠦᠯ ᠢ ᠴᠢᠨᠢ ᠪᠢ ᠤᠯᠤᠭᠠᠳ ᠦᠭᠭᠦᠶ᠎ᠠ︾ ᠭᠡᠳ ᠪᠢᠳᠠᠨ ᠢ ᠲᠠᠭᠠᠭᠤᠯᠵᠤ ᠶᠠᠪᠤᠭᠰᠠᠨ ᠪᠢᠯᠠ᠃  ᠲᠤᠷᠵᠢ ᠠᠪᠤ ᠤᠯᠠᠨ ᠦᠭᠡ ᠪᠠᠨ ᠳᠡᠯᠭᠡᠭᠡᠳ ᠯᠠ᠂ ᠪᠢ ᠬᠠᠯᠠᠭᠤᠨ ᠵᠤᠨ ᠤ ᠲᠡᠮᠡᠭᠡ ᠰᠢᠭ ᠠᠩᠭᠠᠶᠢᠭᠠᠳ ᠰᠤᠨᠤᠰᠴᠤ ᠶᠠᠪᠤᠯ᠎ᠠ᠃ ᠦᠷ᠎ᠡ ᠶᠢᠨ ᠭᠠᠭᠴᠠ ᠬᠦᠤ ᠨᠢ  ᠭᠧᠷᠮᠠᠨ ᠳᠤ ᠠᠵᠢᠯ ᠲᠠᠢ᠂ ᠰᠢᠨᠠᠯᠠᠬᠦ ᠳᠤ ᠬᠠᠷᠢᠵᠤ ᠢᠷᠡᠳᠡᠭ ᠭᠡᠵᠦ ᠬᠡᠯᠡᠵᠦ ᠪᠠᠶᠢᠪᠠ᠃      ᠪᠢ ᠨᠢᠭᠡ ᠠᠵᠢᠯᠴᠢᠨ ᠠᠴᠠ᠄ ︽ᠠᠰᠠᠷᠠᠭᠴᠢ ᠡ᠂ ᠳᠤᠷᠵᠢ ᠠᠪᠤ ᠶᠢᠨ ᠬᠦᠤ ᠨᠢ  ᠭᠧᠷᠮᠠᠨ ᠠᠴᠠ ᠢᠷᠡᠭᠡ ᠦᠬᠡᠢ ᠶᠤᠮ ᠤᠤ︖︾ ᠭᠡᠪᠡᠯ᠂ ᠬᠠᠵᠠᠭᠤ ᠶᠢᠨ ᠨᠢᠭᠡ ᠨᠠᠰᠤᠲᠠᠨ ᠠᠮᠵᠢᠵᠤ᠄ ︽ᠲᠡᠷᠡ ᠰᠤᠯᠢᠶᠠᠳᠦ  ᠎ ᠶᠢᠨ ᠭᠦᠦ ᠨᠢ ᠠᠯᠢ ᠵᠢᠯ ᠢᠷᠡᠵᠤ ᠪᠠᠶᠢᠯ᠎ᠠ ᠳ᠋ᠠ︖ ᠴᠤᠬᠤᠮ ᠲᠡᠭᠦᠨ ᠳᠤ ᠲᠦᠷᠦᠭᠰᠡᠨ ᠬᠦᠤ ᠪᠠᠶᠢᠳᠠᠭ  ᠦᠬᠡᠢ ᠶᠢ ᠭᠡᠨ ᠮᠡᠳᠡᠯ᠎ᠡ︾ ᠭᠡᠯ᠎ᠡ᠃ ᠪᠢ ᠦᠭᠡ ᠲᠠᠭᠤᠨ ᠦᠬᠡᠢ᠂ ᠰᠢᠭᠤᠳ ᠠᠯᠬᠤᠭᠰᠠᠭᠠᠷ ᠬᠦᠷᠢᠶᠡᠨ ᠳᠤ ᠤᠷᠤᠯ᠎ᠠ᠃      ᠮᠢᠨᠤ ᠬᠤᠶᠢᠨ᠎ᠠ ᠠᠴᠠ ᠠᠰᠠᠷᠠᠭᠴᠢ ᠤᠳ᠄ ︽ᠲᠤᠷᠵᠢ ᠡᠪᠤᠭᠡᠨ ᠢ ᠪᠠ᠊ ᠠᠰᠠᠷᠠᠭᠴᠢ ᠭᠡᠷ  ᠎ ᠲᠡᠭᠡᠨ ᠠᠪᠴᠤ ᠶᠠᠪᠤᠬᠤ ᠭᠡᠵᠦ ᠪᠠᠶᠢᠨ᠎ᠠ᠂ ᠲᠠ ᠤᠴᠢᠭᠠᠳ ᠴᠦ ᠬᠡᠷᠡᠭ ᠦᠬᠡᠢ︾  ᠭᠡᠵᠦ ᠬᠠᠰᠬᠢᠷᠠᠬᠤ ᠶᠢ ᠪᠢ ᠰᠤᠨᠤᠰᠤᠭᠰᠠᠨ ᠦᠬᠡᠢ ᠰᠢᠭ᠄ ︽ᠪᠢ ᠳᠤᠷᠵᠢ ᠠᠪᠤ ᠲᠠᠢ ᠪᠠᠨ ᠰᠢᠨᠡᠯᠡᠨ᠎ᠠ︾ ᠭᠡᠳ ᠯᠠ ᠨᠠᠰᠤᠲᠠᠨ ᠤ ᠪᠠᠶᠢᠷᠢ ᠶᠢ ᠴᠢᠭᠯᠡᠪᠡ᠃      ᠠᠪᠤ ᠡᠵᠢ ᠪᠤᠯᠤᠭᠰᠠᠳ ᠮᠢᠨᠢ᠂ ᠡᠳᠦᠷ ᠲᠤ ᠪᠠᠨ ᠦᠷ᠎ᠡ ᠪᠠᠨ ᠪᠠᠷᠠᠯᠠᠵᠤ ᠪᠠᠶᠢᠭ᠎ᠠ ᠶᠢ ᠠᠯᠤᠰ ᠲᠤ ᠰᠠᠭᠤᠭ᠎ᠠ ᠬᠦᠤ ᠨᠢ ᠮᠡᠳᠡᠳᠡᠭ ᠴᠦ ᠪᠤᠯᠪᠠᠤ︖ ᠠᠪᠤ ᠎ ᠶᠢᠨ ᠴᠢᠨᠢ ᠳᠦᠷᠢ ᠴᠢᠨᠤ ᠵᠡᠭᠦᠳᠦᠨ ᠳᠤ ᠢᠷᠡᠬᠦ ᠦᠬᠡᠢ ᠴᠦ᠂ ᠴᠢᠨᠤ  ᠬᠦᠭᠡᠷᠦᠭᠦᠨ ᠠᠯᠢᠶᠠᠬᠠᠨ ᠴᠢᠷᠠᠢ ᠨᠢ ᠨᠠᠰᠤᠲᠠᠨ ᠤ ᠡᠳᠦᠷ ᠪᠦᠷᠢ ᠶᠢᠨ ᠪᠤᠳᠤᠯ᠂ ᠦᠳᠡᠰᠢ ᠪᠦᠷᠢ ᠶᠢᠨ ᠵᠡᠭᠦᠳᠦᠨ ᠳᠤ  ᠲᠡᠳᠡᠨ ᠲᠠᠢ ᠬᠠᠮᠳᠤ  ᠪᠠᠶᠢᠳᠠᠭ᠃      ᠬᠦᠷᠢᠶᠡᠨ ᠡᠭᠦᠳᠡᠨ ᠤ ᠬᠤᠶᠠᠷ ᠲᠠᠯ᠎ᠠ ᠳᠤ ᠪᠠᠶᠢᠭ᠎ᠠ ᠭᠢᠳᠠᠳ ᠮᠤᠩᠭᠤᠯ ᠢᠶᠠᠷ ᠵᠤᠷᠠᠶᠢᠯᠭᠠᠨ ᠪᠢᠴᠢᠭᠰᠡᠨ ︽ᠵᠢᠷᠭᠠᠯᠠᠩᠳᠦ︾ ᠬᠡᠬᠦ ᠲᠤᠮᠦ ᠦᠰᠦᠭ ᠨᠢ ᠵᠠᠭᠤᠨ ᠮᠧᠲᠷ ᠤᠨ ᠬᠤᠯᠠ ᠠᠴᠠ ᠲᠤᠳᠤᠬᠠᠨ ᠦᠵᠡᠭᠳᠡᠨ᠎ᠡ᠃ ᠨᠠᠰᠣᠲᠠᠶᠢᠴᠣᠳ ᠤᠨ ᠰᠡᠳᠬᠢᠯ ᠳᠤ ᠡᠨᠡ ᠦᠰᠦᠭ ᠲᠤᠩ ᠵᠢᠵᠢᠭᠬᠡᠨ ᠪᠠᠶᠢᠵᠤ᠂ ᠴᠭᠠᠰᠢᠯᠠᠭᠠᠳ ᠲᠡᠭᠦᠨ ᠢ ᠴᠡᠭᠡᠵᠢᠯᠡᠵᠤ ᠪᠠᠶᠢᠬᠤ ᠬᠦᠮᠦᠨ ᠬᠡᠳᠦ ᠯᠠ ᠪᠠᠶᠢᠬᠤ ᠳ᠋ᠠ᠃ ︽ᠬᠦᠤ ᠮᠢᠨᠢ᠂ ᠦᠬᠢᠨ ᠮᠢᠨᠢ᠂ ᠭᠡᠷ ᠮᠢᠨᠢ ᠁︾ ᠭᠡᠬᠦ ᠦᠰᠦᠭ  ᠎ ᠤᠳ ᠨᠡᠩ ᠳᠤᠯᠠᠭᠠᠬᠠᠨ ᠵᠢᠷᠭᠠᠯᠳᠠᠢ  ᠰᠠᠨᠠᠭᠳᠠᠳᠠᠭ᠃      ᠪᠢ ᠡᠨᠡᠬᠦ ᠡᠯᠦᠢ ᠬᠤᠯᠤᠢ ᠪᠠᠶᠢᠭ᠎ᠠ ᠲᠤᠮᠤ ᠬᠦᠷᠢᠶᠡᠨ ᠳᠤ ᠳᠤᠷᠵᠢ ᠠᠪᠤ ᠶᠢ ᠬᠠᠶᠢᠵᠤ᠂ ᠨᠠᠰᠤᠲᠠᠶᠢᠴᠤᠳ ᠤᠨ ᠪᠠᠶᠢᠷᠢ ᠶᠢᠨ ᠨᠠᠷᠢᠬᠠᠨ  ᠭᠤᠲᠤᠮᠵᠢ ᠪᠠᠷ ᠨᠠᠭᠠᠰᠢ ᠴᠠᠭᠠᠰᠢ ᠭᠡᠰᠡᠯ᠎ᠡ᠃ ᠨᠢᠭᠡ ᠴᠦ ᠬᠦᠮᠦᠨ ᠦᠭᠡᠢ ᠡᠵᠡᠭᠦᠢ ᠭᠡᠷ ᠤᠳ ᠨᠠᠮᠠᠢᠢ ᠰᠢᠷᠳᠡᠵᠦ᠂ ᠮᠢᠨᠤ  ᠠᠯᠬᠤᠬᠤ ᠴᠢᠮᠡᠭᠡ  ᠨᠠᠳᠠᠳᠤ ᠬᠠᠨᠢ ᠪᠤᠯᠤᠨ᠎ᠠ᠃ ᠭᠡᠨᠡᠳᠳᠡ ᠬᠠᠮᠢᠭ᠎ᠠ ᠨᠢᠭᠡ ᠬᠦᠮᠦᠨ ᠦᠭᠡ ᠶᠠᠷᠢᠬᠤ ᠰᠢᠭ᠋ ᠰᠤᠨᠤᠰᠲᠠᠵᠤ᠂ ᠲᠡᠷᠡ ᠲᠠᠭᠤ ᠶᠠᠭ ᠲᠤᠭᠤᠰᠬᠠᠨ ᠬᠦᠷᠢᠶᠡᠨ ᠬᠦᠪᠡᠭᠡ ᠪᠠᠷ ᠤᠷᠭᠤᠵᠤ ᠪᠠᠶᠢᠭ᠎ᠠ ᠦᠨᠳᠦᠷ ᠦᠯᠢᠶᠡᠰᠦᠨ ᠲᠡᠨᠳᠡ ᠠᠴᠠ ᠲᠤᠭᠤᠯᠳᠠᠯ᠎ᠠ᠃ ᠪᠢ ᠰᠤᠨᠤᠷ ᠤᠨ ᠰᠡᠷᠡᠮᠵᠡ ᠪᠠᠨ ᠢᠳᠬᠡᠵᠦ᠂ ᠤᠯᠢᠶᠡᠰᠤᠨ ᠮᠤᠳᠤᠳ ᠤᠨ ᠲᠤᠤᠷ᠎ᠠ ᠤᠴᠢᠯ᠎ᠠ᠃  ᠳᠤᠷᠵᠢ ᠠᠪᠦ‍ ᠨᠢᠭᠡ ᠦᠨᠳᠦᠷ ᠤᠯᠢᠶᠠᠰᠤ ᠶᠢ ᠢᠯᠪᠡᠨ᠄ ︽ᠴᠢ ᠴᠦ ᠦᠨᠳᠦᠷ ᠤᠷᠭᠤᠵᠠᠢ ᠳ᠋ᠠ᠂ ᠴᠢᠮ᠎ᠠ ᠶᠢ ᠨᠢᠯᠬ᠎ᠠ ᠰᠤᠶᠤᠭ᠎ᠠ ᠪᠠᠶᠢᠬᠤ ᠳᠤ ᠬᠦᠤ ᠪᠢᠳᠠ ᠬᠤᠶᠠᠷ  ᠲᠠᠷᠢᠭᠰᠠᠨ ᠶᠤᠮ︾ ᠬᠡᠵᠦ ᠨᠢᠯᠪᠤᠰᠦ ᠪᠠᠨ ᠠᠷᠴᠢᠬᠤ ᠰᠢᠭ᠋ ᠪᠤᠯᠤᠯ᠎ᠠ᠃      ᠡᠨᠡ ᠨᠢ ᠶᠠᠭ ᠯᠠ ᠬᠦᠤ ᠲᠠᠢ ᠪᠠᠨ ᠨᠠᠷᠭᠢᠵᠤ ᠪᠠᠶᠢᠭ᠎ᠠ ᠰᠢᠭ᠋᠃ ᠪᠢ ᠤᠷᠤᠨ ᠳᠤ ᠪᠠᠨ ᠵᠤᠭᠰᠤᠭᠠᠳ ᠤᠷᠤᠭᠰᠢ ᠠᠯᠬᠤᠬᠤ ᠵᠤᠷᠢᠭ ᠪᠠᠶᠢᠭᠰᠠᠨ ᠦᠬᠡᠢ᠃ ᠨᠢᠭᠡ ᠮᠢᠨᠦ᠊ᠲ᠂ ᠬᠤᠶᠠᠷ ᠮᠢᠨᠦ᠊ᠲ ᠁ ᠨᠢᠭᠡ ᠴᠠᠭ ᠭᠡᠳ ᠯᠠ ᠦᠡᠭᠭᠡᠷᠡᠵᠦ ᠪᠠᠶᠢᠯ᠎ᠠ᠃ ᠭᠡᠨᠡᠳᠲᠠ ᠲᠤᠷᠵᠢ ᠠᠪᠤ ᠮᠢᠨᠤ ᠲᠡᠷᠭᠡᠳᠡ ᠢᠷᠡᠭᠡᠳ᠄ ︽ᠬᠦᠶ᠋ᠢ︕ ᠮᠢᠨᠤ ᠬᠦᠤ ᠢᠷᠡᠴᠢᠭᠡᠭᠰᠡᠨ ᠪᠠᠶᠢᠵᠤ ᠳ᠋ᠠ᠂ ᠠᠪᠤ ᠨᠢ ᠴᠢᠮ᠎ᠡ ᠪᠠᠰᠠ ᠯᠠ ᠡᠨᠡ ᠵᠢᠯ ᠢᠷᠡᠵᠦ ᠠᠮᠵᠢᠬᠤ ᠦᠬᠡᠢ ᠪᠤᠢ ᠭᠡᠳ ᠪᠤᠳᠤᠭᠰᠠᠨ᠂ ᠴᠢᠨᠤ ᠲᠠᠷᠢᠭᠰᠠᠨ ᠮᠤᠳᠤ ᠎ ᠲᠠᠢ  ᠶᠠᠷᠢᠯᠴᠠᠬᠤ ᠠᠴᠠ ᠦᠭᠡᠷ᠎ᠡ ᠠᠪᠤ  ᠎ ᠲᠠᠢ  ᠴᠢᠨᠢ ᠬᠠᠨᠢ ᠪᠤᠯᠬᠤ ᠬᠦᠮᠦᠨ ᠦᠬᠡᠢ ᠯᠠ ᠳ᠋ᠠ︾ ᠭᠡᠵᠦ ᠨᠢᠯᠪᠤᠰᠤ ᠪᠠᠨ ᠠᠷᠴᠢᠨ ᠮᠢᠨᠤ ᠬᠠᠴᠠᠷ ᠢ ᠦᠨᠦᠰᠦᠪᠡ᠃      ᠪᠢ ᠵᠢᠭᠠᠬᠠᠨ ᠴᠠᠭ ᠶᠠᠭ ᠶᠠᠭᠤ ᠬᠡᠯᠡᠬᠦ ᠪᠠᠨ ᠤᠯᠬᠤ ᠦᠬᠡᠢ ᠤᠳᠠᠵᠤ ᠤᠳᠠᠭᠠᠳ᠄ ︽ᠢᠷᠡᠴᠢᠭᠡᠭᠰᠡᠨ ᠠᠪᠤ ᠡ ᠁︾ ᠭᠡᠳ ᠨᠠᠰᠤᠲᠠᠨ ᠤ ᠬᠤᠶᠠᠷ ᠭᠠᠷ ᠎ ᠠᠴᠠ ᠪᠠᠷᠢᠯ᠎ᠠ᠃ ︽ᠡᠷᠳᠡᠭᠡᠭᠦᠷ ᠤᠲᠠᠰᠤ ᠪᠠᠷ ᠶᠠᠷᠢᠬᠤ ᠳᠠᠭᠠᠨ᠂ ᠲᠠᠨᠳᠡ ᠰᠦᠷᠡᠬᠡᠢ ᠶᠠᠭᠠᠷᠠᠤ ᠪᠠᠶᠢᠨ᠎ᠠ ᠬᠡᠰᠡᠨ ᠰᠢᠳᠡ᠂ ᠤᠳᠤ ᠲᠡᠭᠡᠭᠡᠳ ᠬᠦᠤ ᠮᠢᠨᠢ ᠠᠳᠡ ᠢᠡᠭᠬᠢᠭᠡᠳ ᠵᠤᠭᠰᠤᠬᠤ ᠪᠠᠷ ᠠᠪᠤ ᠨᠢ ᠢᠳᠡᠭᠡᠭᠦ ᠦᠬᠡᠢ ᠰᠢᠭ ᠪᠤᠯᠬᠤ ᠶᠤᠮ︾ ᠭᠡᠪᠡᠯ᠄ ︽ᠪᠢ ᠶᠡᠷᠦ ᠨᠢ ᠲᠠᠨ ᠤ ᠁︾ ᠭᠡᠵᠦ ᠴᠠᠭᠠᠰᠢ  ᠶᠠᠮᠠᠷ ᠦᠬᠡ ᠵᠤᠬᠢᠶᠠᠵᠤ ᠬᠡᠯᠡᠬᠦ  ᠎ ᠪᠠᠨ ᠮᠡᠳᠡᠬᠦ ᠦᠬᠡᠢ  ᠪᠤᠯᠵᠤ᠄ ︽ᠪᠢ ᠲᠠᠨ ᠢ ᠰᠠᠨᠠᠭᠠᠳ ᠁︾ ᠭᠡᠵᠦ  ᠨᠠᠰᠣᠲᠠᠨ ᠢ ᠰᠢᠷᠳᠡᠪᠡ᠃       ᠪᠢ ᠨᠠᠰᠣᠲᠠᠨ ᠢ ᠲᠦᠰᠢᠭᠡᠳ ᠰᠠᠭᠤᠳᠠᠭ ᠭᠡᠷ ᠲᠤ ᠨᠢ ᠤᠷᠤᠯ᠎ᠠ᠃ ᠭᠡᠷ ᠤᠨ ᠪᠦᠬᠦ ᠬᠡᠷᠡᠮ ᠲᠡᠭᠡᠷ᠎ᠡ ᠪᠠᠨ ᠨᠢᠭᠡ ᠯᠠ ᠵᠠᠯᠠᠭᠤ ᠬᠦᠮᠦᠨ ᠤ ᠰᠠᠭᠦᠳᠡᠷ ᠢ ᠨᠠᠭᠠᠭᠠᠳ ᠨᠢᠳᠦ ᠡᠷᠢᠶᠡᠯᠵᠡᠨ᠎ᠡ᠃ ᠪᠢ ᠰᠡᠭᠦᠳᠡᠷ ᠢ ᠬᠠᠷᠠᠪᠠᠯ ᠲᠤᠷᠵᠢ ᠠᠪᠤ᠄ ︽ᠬᠦᠤ ᠮᠢᠨᠢ ᠶᠠᠭᠤ ᠶᠢ ᠨᠢ ᠭᠠᠶᠢᠬᠠᠬᠤ ᠪᠤᠢ᠂ ᠪᠦᠷ ᠯᠠ ᠴᠢᠨᠤ ᠰᠡᠭᠦᠳᠡᠷ ᠰᠢᠳᠡ᠂ ᠴᠢ ᠪᠢᠴᠢᠭ ᠤᠨ ᠰᠢᠷᠡᠭᠡᠨ ᠲᠡᠭᠡᠷ᠎ᠡ ᠪᠠᠶᠢᠭ᠎ᠠ ᠰᠡᠭᠦᠳᠡᠷ  ᠎ ᠢ ᠦᠵᠡᠭᠰᠡᠨ ᠦᠬᠡᠢ ᠤᠳᠠᠯ᠎ᠠ ᠰᠢᠤ᠂ ᠴᠢᠮ᠎ᠠ ᠳᠤ ᠡᠨᠡ ᠰᠡᠭᠦᠳᠡᠷ ᠪᠠᠶᠢᠭ᠎ᠠ ᠪᠢᠯᠢᠤ︖ ᠡᠵᠢ ᠴᠢᠨᠢ ᠪᠤᠷᠬᠠᠨ ᠪᠤᠯᠤᠭᠠᠳ ᠬᠤᠷᠢᠨ ᠵᠢᠯ ᠪᠤᠯᠵᠤ ᠪᠠᠶᠢᠨ᠎ᠠ᠂ ᠡᠪᠡᠳᠴᠢᠨ ᠭᠡᠳᠡᠭ ᠰᠠᠯᠵᠤ ᠪᠤᠯᠳᠠᠭ ᠦᠬᠡᠢ ᠵᠤᠪᠠᠯᠠᠩ᠂ ᠠᠢ︕ ᠪᠠᠶᠢᠪᠠᠯ ᠪᠠᠶᠢᠳᠠᠭ ᠯᠠ ᠬᠦᠮᠦᠨ ᠳ᠋ᠠ ᠁︾ ᠭᠡᠵᠦ ᠲᠤᠷᠵᠢ  ᠠᠪᠦ‍ ᠨᠢᠭᠡ ᠨᠤᠭᠤᠭᠠᠨ ᠲᠤᠷᠭᠠᠨ ᠲᠡᠪᠡᠯ ᠲᠠᠢ ᠵᠠᠯᠠᠭᠤᠬᠠᠨ ᠪᠦᠰᠡᠭᠦᠢ ᠪᠤᠯᠤᠨ ᠬᠦᠬᠡ ᠲᠤᠷᠭᠠᠨ ᠲᠡᠪᠡᠯ ᠲᠠᠢ ᠵᠠᠯᠠᠭᠤ ᠬᠤᠶᠠᠭᠤᠯᠠ ᠲᠤᠮᠳᠠ ᠪᠠᠨ ᠲᠤᠯᠤᠭ᠎ᠠ ᠨᠠᠢᠮᠠᠨ ᠨᠠᠰᠤᠨ ᠤ ᠪᠢᠴᠢᠬᠠᠨ ᠬᠦᠤ ᠲᠡᠪᠡᠷᠢᠭᠰᠡᠨ ᠰᠡᠭᠦᠳᠡᠷ ᠢ ᠨᠠᠳᠠ ᠦᠭᠭᠦᠯ᠎ᠠ᠃ ᠪᠢ ᠰᠢᠭᠤᠳ ᠯᠠ᠄ ︽ᠠᠪᠤ ᠡ᠂ ᠡᠨᠡ ᠰᠡᠭᠦᠳᠡᠷ ᠨᠠᠳᠠᠳᠦ ᠪᠠᠶᠢᠨ᠎ᠠ︾ ᠭᠡᠳ ᠠᠵᠢᠭ ᠴᠦ ᠦᠬᠡᠢ ᠬᠤᠳᠠᠯ ᠬᠡᠯᠡᠪᠡ᠃ ᠰᠡᠭᠦᠳᠡᠷ ᠳᠡᠭᠡᠷᠡᠬᠢ ᠪᠦᠰᠡᠭᠦᠢ ᠴᠡᠪᠡᠷᠬᠡᠨ ᠭᠤᠶᠤᠬᠠᠨ ᠬᠦᠮᠦᠨ ᠪᠠᠶᠢᠯ᠎ᠠ᠃      ᠪᠢ ᠤᠬᠤᠷ ᠭᠡᠵᠢᠭᠡ ᠲᠠᠢ ᠪᠤᠯᠬᠤᠷ᠂ ᠪᠡᠶ᠎ᠡ ᠪᠠᠨ ᠲᠡᠳᠡᠨ ᠤ ᠬᠦᠤ ᠲᠠᠢ ᠠᠳᠠᠯᠢᠳᠬᠠᠵᠤ ᠦᠵᠡᠯ᠎ᠡ᠃ ᠪᠤᠷᠬᠠᠨ ᠡ︕ ᠪᠢ ᠪᠡᠶ᠎ᠡ ᠪᠠᠨ ᠶᠠᠭ ᠢᠳᠡᠭᠡᠭᠦ ᠶᠢᠨ ᠠᠷᠭ᠎ᠠ ᠦᠬᠡᠢ ᠳ᠋ᠠ᠃ ᠨᠠᠳᠠ ᠴᠢᠳᠬᠦᠷ ᠤᠷᠤᠰᠢᠭᠰᠠᠨ ᠴᠦ ᠪᠤᠯᠪᠠᠤ︖ ᠭᠡᠳ ᠬᠠᠴᠠᠷ ᠢᠶᠠᠨ ᠴᠢᠮᠬᠢᠵᠦ ᠦᠵᠡᠪᠡᠯ ᠰᠦᠷᠡᠬᠡᠢ ᠯᠠ ᠡᠪᠡᠳᠦᠯ᠎ᠡ᠃ ᠰᠢᠯ ᠲᠡᠭᠡᠷ᠎ᠡ ᠴᠢᠷᠠᠢ ᠪᠠᠨ ᠰᠠᠶᠢᠬᠠᠨ ᠰᠢᠨᠵᠢᠭᠡᠳ ᠪᠠᠶᠢᠬᠤᠯᠠᠷ᠂ ᠬᠡᠷᠡᠮ ᠲᠤ ᠨᠠᠭᠠᠵᠤ ᠪᠠᠶᠢᠭ᠎ᠠ ᠰᠡᠭᠦᠳᠡᠷ ᠲᠠᠢ  ᠮᠠᠰᠢ ᠠᠳᠠᠯᠢ ᠲᠦᠷᠢ ᠲᠠᠢ ᠪᠠᠶᠢᠪᠠ᠃ ᠪᠢ ᠶᠠᠭᠠᠬᠢᠭᠠᠳ ᠲᠤᠷᠵᠢ ᠠᠪᠤ ᠶᠢᠨ ᠬᠦᠤ ᠲᠠᠢ ᠡᠶᠢᠮᠦ ᠠᠳᠠᠯᠢ ᠪᠤᠢ︖ ᠭᠡᠵᠦ ᠪᠤᠳᠤᠭᠠᠳ ᠪᠤᠳᠤᠭᠠᠳ ᠢᠨᠢᠶᠡᠳᠦ ᠴᠦ  ᠬᠦᠷᠦᠯ᠎ᠡ᠃ ᠭᠡᠪᠡᠴᠦ ᠪᠠᠭ᠎ᠠ ᠠᠶᠢᠳᠠᠰ ᠬᠦᠷᠴᠦ᠂ ᠢᠡᠭᠬᠢᠵᠦ ᠨᠠᠰᠤᠲᠠᠢ ᠬᠦᠮᠦᠨ ᠢ ᠮᠡᠬᠡᠯᠡᠭᠡᠳ ᠪᠤᠯᠬᠤ ᠦᠬᠡᠢ ᠰᠢᠤ᠃ ᠨᠠᠳᠠᠳᠤ ᠪᠣᠯ ᠡᠨᠡ ᠪᠦᠬᠦᠨ ᠪᠦᠷ ᠠᠰᠠᠭᠤᠯᠳᠠ︕ ᠲᠤᠷᠵᠢ ᠠᠪᠤ ᠪᠠᠶᠠᠷᠯᠠᠭᠠᠳ ᠶᠠᠭ ᠯᠠ ᠠᠷᠪᠠᠨ ᠨᠠᠰᠤ ᠵᠠᠯᠠᠭᠤᠵᠢᠭᠰᠠᠨ ᠰᠢᠭ᠋ ᠪᠠᠶᠢᠯ᠎ᠠ᠃      ᠪᠢ ᠡᠨᠡ ᠪᠦᠬᠦᠨ ᠢ ᠰᠡᠳᠭᠢᠭᠦ ᠶᠢᠨ ᠴᠢᠯᠦᠬᠡᠨ ᠳᠤ ᠲᠤᠷᠵᠢ  ᠠᠪᠤ ᠬᠠᠷᠢᠨ ᠭᠠᠳᠠᠨ᠎ᠠ ᠭᠠᠷᠤᠭᠠᠳ᠄ ︽ᠪᠠ᠊ ᠠᠰᠠᠷᠠᠭᠴᠢ ᠡ᠂ ᠮᠢᠨᠤ ᠬᠦᠤ ᠢᠷᠡᠴᠢᠬᠡᠭᠰᠡᠨ᠂ ᠪᠢ ᠡᠨᠡ ᠵᠢᠯ ᠲᠠᠨ ᠤ ᠳᠤ ᠤᠴᠢᠵᠤ ᠰᠢᠨᠡᠯᠡᠬᠦ ᠦᠭᠡᠢ︾ ᠭᠡᠳ ᠦᠨᠳᠦᠷ ᠲᠠᠭᠤᠨ ᠢᠶᠠᠷ ᠬᠡᠯᠡᠨ᠎ᠡ᠃ ᠪᠠ᠊ ᠠᠰᠠᠷᠠᠭᠴᠢ ᠭᠡᠷ ᠲᠤ ᠤᠷᠤᠭᠠᠳ ᠮᠢᠨᠤ ᠲᠤᠭᠢᠯᠭ᠎ᠠ ᠪᠠᠷ ᠶᠠᠭᠤ ᠪᠤᠯᠤᠭᠰᠠᠨ ᠢ ᠮᠡᠳᠡᠭᠡᠳ᠄ ︽ᠬᠠᠷᠢᠨ ᠰᠢᠳᠡ᠂ ᠨᠠᠰᠤᠲᠠᠨ ᠲᠠᠨ ᠳᠤ ᠪᠠᠶᠠᠷ ᠬᠦᠷᠭᠡᠶ᠎ᠡ︾ ᠭᠡᠳ ᠮᠢᠨᠤ ᠬᠠᠨᠴᠤᠨ ᠠᠴᠠ ᠲᠠᠲᠠᠭᠠᠳ᠄ ︽ᠨᠠᠰᠣᠲᠠᠨ ᠡ᠂ ᠪᠢ ᠬᠦᠤ ᠳᠤ ᠴᠢᠨᠢ ᠬᠡᠳᠦᠨ ᠶᠠᠷᠢᠬᠤ ᠴᠢᠬᠤᠯᠠ ᠤᠴᠢᠷ ᠪᠠᠶᠢᠨ᠎ᠠ᠂ ᠲᠠᠨ ᠤ ᠠᠮᠢᠳᠤᠷᠠᠯ ᠤᠨ ᠰᠤᠶᠢᠳᠬᠡᠯ ᠤᠨ ᠤᠴᠢᠷ︾ ᠭᠡᠳ ᠨᠠᠮᠠᠢᠢ ᠲᠠᠭᠠᠭᠤᠯᠠᠭᠠᠳ ᠭᠠᠷᠤᠯ᠎ᠠ᠃      ᠪᠠ᠊ ᠠᠰᠠᠷᠠᠭᠴᠢ᠂ ᠠᠯᠪᠠᠨ ᠭᠡᠷ  ᠎ ᠲᠡᠭᠡᠨ ᠤᠷᠤᠭᠠᠳ ᠨᠠᠳᠠᠳᠤ ᠨᠢᠭᠡ ᠵᠠᠬᠢᠳᠠᠯ ᠦᠵᠡᠭᠦᠯᠦᠭᠡᠳ᠄ ︽ᠭᠤᠷᠪᠠᠨ ᠵᠢᠯ ᠤᠨ ᠡᠮᠦᠨ᠎ᠡ ᠨᠠᠰᠣᠲᠠᠨ ᠤ ᠬᠦᠤ ᠨᠢ ᠡᠪᠡᠳᠴᠢᠨ ᠢᠶᠠᠷ  ᠭᠧᠷᠮᠠᠨ ᠳᠤ ᠨᠠᠰᠤ ᠪᠠᠷᠠᠭᠰᠠᠨ᠃ ᠠᠳᠡ ᠬᠦᠤ ᠶᠢᠨ ᠬᠢᠨᠢ ᠪᠦᠬᠦ ᠬᠦᠷᠦᠩᠭᠡ ᠪᠠ ᠮᠦᠡᠭᠭᠦ ᠵᠤᠭᠤᠰ ᠢ ᠨᠠᠰᠣᠲᠠᠨ ᠳᠤ ᠭᠤᠷᠪᠠᠨ ᠵᠢᠯ ᠤᠨ ᠡᠮᠦᠨ᠎ᠡ ᠭᠤᠶᠢᠪᠢᠭᠤᠯᠤᠭᠰᠠᠨ᠂ ᠪᠢ ᠡᠭᠦᠨ ᠢ ᠬᠠᠮᠢᠶᠠᠷᠤᠨ ᠬᠤᠷᠢᠶᠠᠵᠦ ᠪᠠᠶᠢᠨ᠎ᠠ᠃ ᠪᠢ ᠤᠳᠠᠭ᠎ᠠ ᠪᠤᠯᠭᠠᠨ ᠮᠦᠡᠭᠬᠦ ᠪᠤᠯᠤᠨ ᠬᠤᠪᠴᠠᠰᠤ ᠡᠨᠡ ᠲᠡᠷᠡ ᠶᠢ ᠦᠭᠬᠦ ᠳᠤ ᠪᠠᠨ ᠬᠦᠤ ᠴᠢᠨᠢ ᠢᠯᠡᠭᠡᠭᠰᠡᠨ ᠭᠡᠳᠡᠭ᠃ ᠪᠢ ᠪᠠᠰᠠ ᠵᠠᠷᠢᠮ ᠳᠤ ᠪᠠᠨ ᠬᠤᠭᠤᠯᠠᠢ ᠪᠠᠨ ᠦᠳᠬᠡᠨ ᠪᠤᠯᠤᠭᠠᠭᠠᠳ ᠭᠠᠷ ᠤᠲᠠᠰᠤ ᠪᠠᠷ ᠬᠦᠤ ᠶᠢ ᠨᠢ ᠤᠷᠤᠯᠠᠨ ᠶᠡᠷᠢᠳᠠᠭ᠃ ᠴᠢ ᠲᠡᠭᠡᠷ᠎ᠡ ᠤᠳᠠᠭ᠎ᠠ ᠪᠠᠰᠠ ᠨᠠᠰᠤᠲᠠᠨ ᠲᠠᠢ ᠮᠠᠰᠢ ᠶᠠᠷᠢᠶ᠎ᠠ ᠨᠠᠶᠢᠯᠠᠵᠦ ᠯᠠ ᠪᠠᠶᠢᠭᠰᠠᠨ ᠰᠢᠳᠡ᠂ ᠤᠳᠤ ᠬᠠᠷᠢᠨ ᠨᠡᠩ ᠴᠢᠷᠮᠡᠶᠢᠬᠤ ᠶᠢ ᠪᠢ ᠬᠦᠰᠡᠶ᠎ᠡ ᠳᠡᠭᠦᠤ ᠮᠢᠨᠢ︕ ᠲᠡᠭᠦᠨ ᠤ ᠭᠡᠷ ᠤᠨ ᠬᠢᠨᠢ ᠲᠦᠯᠬᠢᠭᠦᠷ᠂ ᠨᠠᠰᠤᠲᠠᠨ ᠯᠠᠪ ᠭᠡᠷ  ᠎ ᠲᠡᠭᠡᠨ ᠬᠠᠷᠢᠵᠤ ᠰᠢᠨᠡᠯᠡᠨ᠎ᠡ ᠬᠡᠬᠦ ᠪᠤᠢ᠂ ᠵᠠ︕ ᠲᠡᠭᠦᠤ ᠮᠢᠨᠢ ᠠᠵᠢᠯ ᠢ ᠬᠢᠪᠡᠯ ᠲᠠᠭᠤᠰᠬᠠᠳᠠᠯ᠎ᠠ  ︾ ᠭᠡᠳ ᠬᠠᠮᠤᠭ ᠡᠭᠦᠷᠭᠡ ᠶᠢ ᠨᠠᠳᠠᠳᠤ ᠳᠤᠰᠢᠶᠠᠯ᠎ᠠ᠃ ︽ᠡᠭᠡᠴᠢ ᠡ᠂ ᠪᠢ ᠶᠠᠭᠠᠬᠢᠵᠤ ᠬᠢᠬᠦ ᠪᠤᠢ ᠠᠶᠤᠵᠦ ᠪᠠᠶᠢᠨ᠎ᠠ︾ ᠭᠡᠪᠡᠯ ᠪᠠ᠊ ᠠᠰᠠᠷᠠᠭᠴᠢ᠄ ︽ᠪᠠᠶᠠᠷ ᠵᠢᠷᠭᠠᠯ ᠎ ᠤᠨ ᠲᠦᠯᠦᠭᠡ᠂ ᠳᠡᠭᠦᠤ ᠮᠢᠨᠢ ᠁︾ ᠭᠡᠪᠡ᠃      ᠪᠢ ᠲᠡᠷᠭᠡᠨ ᠳᠤ ᠪᠠᠨ ᠲᠤᠷᠵᠢ ᠠᠪᠤ ᠶᠢ ᠰᠠᠭᠤᠯᠭᠠᠭᠠᠳ ᠲᠡᠳᠡᠨ ᠤ ᠭᠡᠷ ᠵᠦᠭ ᠶᠠᠪᠤᠬᠤ ᠳᠤ᠄ ︽ᠬᠦᠤ ᠮᠢᠨᠢ᠂ ᠪᠢᠳᠠ ᠭᠡᠷ ᠲᠤ ᠪᠠᠨ ᠬᠠᠷᠢᠵᠤ ᠰᠢᠨᠡᠯᠡᠭᠡ ᠦᠬᠡᠢ  ᠤᠳᠠᠵᠤ  ᠪᠠᠶᠢᠨ᠎ᠠ᠂ ᠨᠢᠭᠡ ᠰᠠᠶᠢᠬᠠᠨ ᠰᠢᠨᠡᠯᠡᠶ᠎ᠡ ᠳ᠋ᠠ︕ ᠠᠶᠢᠯ ᠠᠶᠢᠮᠠᠭ ᠤᠨ ᠨᠠᠶᠢᠵᠠ ᠨᠦᠬᠦᠳ ᠢᠶᠠᠨ ᠪᠦᠷ ᠲᠠᠭᠤᠳᠠᠨ ᠨᠠᠶᠢᠷ ᠬᠢᠶ᠎ᠡ᠂ ᠴᠠᠭᠠᠨ ᠰᠠᠷ᠎ᠠ ᠎ ᠶᠢᠨ ᠠᠷᠪᠠᠳ ᠪᠤᠯᠬᠤ ᠳᠤ ᠴᠢ ᠪᠠᠰᠠ ᠯᠠ ᠶᠠᠪᠤᠴᠢᠬᠠᠨ᠎ᠠ᠂ ᠪᠠᠭ᠎ᠠ ᠶᠢᠨ ᠨᠠᠶᠢᠵᠠ ᠨᠠᠷ ᠲᠠᠢ ᠪᠠᠨ ᠬᠡᠳᠦᠨ ᠡᠳᠦᠷ ᠨᠠᠷᠭᠢᠵᠦ ᠰᠠᠭᠤ ᠳ᠋ᠠ ᠬᠦᠤ ᠮᠢᠨᠢ︾ ᠭᠡᠵᠦ ᠨᠠᠮᠠᠢᠢ ᠴᠤᠭᠤ ᠰᠢᠷᠳᠡᠨ᠎ᠡ᠃      ︽ᠠᠪᠤ ᠡ᠂ ᠪᠢ ᠳᠠᠬᠢᠭᠠᠳ  ᠬᠠᠮᠢᠭ᠎ᠠ  ᠴᠦ  ᠶᠠᠪᠤᠬᠤ ᠦᠭᠡᠢ᠂ ᠭᠡᠷ ᠲᠤ ᠪᠠᠨ ᠲᠠᠨ ᠲᠠᠢ ᠰᠠᠭᠤᠨ᠎ᠠ︾ ᠭᠡᠪᠡᠯ᠄ ︽ᠵᠠ ᠵᠠ᠂ ᠠᠪᠤ ᠨᠢ ᠪᠠᠶᠠᠷᠯᠠᠵᠤ ᠪᠠᠶᠢᠨ᠎ᠠ᠂ ᠪᠢ ᠲᠡᠳᠡᠭᠡᠷ ᠨᠠᠰᠤᠲᠠᠳ ᠲᠤ ᠮᠢᠨᠤ ᠬᠦᠤ ᠡᠨᠡ ᠡᠳᠦᠷ ᠢᠷᠡᠨ᠎ᠡ ᠭᠡᠰᠡᠨ ᠳᠤ᠂ ᠳᠡᠲᠡ ᠨᠠᠮᠠᠢᠢ ᠰᠤᠯᠢᠶᠡᠲᠦ ᠭᠡᠨ᠎ᠡ᠂ ᠤᠳᠤ ᠪᠦᠷ ᠢᠷᠡᠭᠡᠳ ᠪᠠᠶᠢᠨ᠎ᠠ᠂ ᠪᠢ ᠰᠤᠯᠢᠶᠡᠳᠤ ᠪᠢᠰᠢ︾ ᠭᠡᠳ ᠨᠢᠯᠪᠤᠰᠦ ᠪᠠᠨ ᠠᠷᠴᠢᠨ᠎ᠠ᠃ ︽ᠠᠪᠤ ᠡ᠂ ᠪᠢᠳᠠ ᠲᠠᠬᠢᠭᠠᠳ ᠠᠰᠠᠷᠠᠭᠴᠢ ᠶᠢᠨ ᠬᠦᠷᠢᠶᠡᠯᠡᠩ ᠳᠤ ᠰᠠᠭᠤᠬᠤ ᠦᠬᠡᠢ᠂ ᠬᠦᠤ ᠨᠢ ᠬᠡᠵᠢᠶᠡᠳᠡ ᠲᠠᠨ ᠤ ᠲᠡᠷᠭᠡᠳᠡ ᠪᠠᠶᠢᠭ᠎ᠠ ᠰᠢᠣ᠂ ᠤᠳᠤ ᠪᠢᠳᠠ ᠦᠡᠭᠭᠡᠷᠡᠭᠰᠡᠨ ᠤ ᠤᠴᠢᠷ ᠢ ᠶᠠᠷᠢᠬᠤ ᠦᠬᠡᠢ᠂ ᠢᠷᠡᠭᠡᠳᠦᠢ ᠨᠡᠩ ᠵᠤᠯ ᠵᠢᠷᠭᠠᠯᠳᠠᠢ ᠪᠤᠯᠤᠨ᠎ᠠ︾ ᠭᠡᠪᠡᠯ ᠲᠤᠷᠵᠢ  ᠠᠪᠤ ᠲᠤᠯᠤᠭᠠᠢ ᠳᠤᠬᠢᠨ᠎ᠠ᠃      ᠡᠨᠡ ᠡᠳᠦᠷ ᠬᠦᠤ ᠮᠢᠨᠢ ᠢᠷᠡᠨ᠎ᠡ︕ ᠠᠵᠠ ᠵᠢᠷᠭᠠᠯ ᠨᠠᠳᠠ ᠲᠠᠢ ᠬᠠᠮᠲᠤ᠃
ᠢᠷᠡᠯᠲᠡ᠄ ᠲᠤᠰ ᠰᠦᠯᠵᠢᠶ᠎ᠡ