ᠤᠷᠳᠤ ᠶᠢᠨ ᠬᠡᠮᠵᠢᠶ᠎ᠡ
ᠨᠡᠶᠢᠲᠡᠯᠡᠭᠰᠡᠨ ᠴᠠᠭ᠄
2022/8/23
ᠲᠤ᠋᠂ ᠠᠷᠪᠢᠨᠪᠠᠶᠠᠷ                        ᠤᠷᠳᠤ ᠶᠢᠨ ᠬᠡᠮᠵᠢᠶᠡᠨ ᠳᠤ ᠢᠵᠠᠭᠤᠷ ᠲᠡᠬᠡᠳᠦ ᠦᠶ᠎ᠡ ᠠᠴᠠ ᠵᠠᠩᠰᠢᠨ ᠢᠷᠡᠭᠰᠡᠨ ᠪᠡᠶ᠎ᠡ ᠶᠢᠨ ᠡᠷᠬᠡᠳᠡᠨ ᠵᠢᠴᠢ ᠲᠡᠬᠦᠨ ᠤ ᠬᠦᠳᠡᠯᠬᠡᠬᠡᠨ ᠤ ᠵᠠᠢ ᠪᠠᠷ ᠬᠡᠮᠵᠢᠳᠡᠭ ᠠᠷᠭ᠎ᠠ ᠲᠦᠬᠡᠮᠡᠯ ᠪᠤᠯᠪᠠᠴᠤ ᠬᠤᠶᠢᠴᠢ ᠶᠢᠨ ᠦᠶ᠎ᠡ ᠳᠤ ᠮᠦᠨ ᠬᠡᠮᠵᠢᠬᠦᠷ ᠤᠨ ᠲᠤᠰᠬᠠᠢ ᠪᠠᠭᠠᠵᠢ ᠬᠡᠷᠡᠭᠯᠡᠬᠦᠷ ᠪᠤᠯᠤᠭᠰᠠᠨ ᠪᠠᠶᠢᠨ᠎ᠠ᠃ ᠪᠡᠶ᠎ᠡ ᠶᠢᠨ ᠡᠷᠬᠡᠳᠡᠨ ᠎ ᠳᠤ ᠬᠤᠯᠪᠤᠭᠳᠠᠬᠤ ᠬᠡᠮᠵᠢᠬᠦᠷ ᠤᠨ ᠵᠦᠢᠯ ᠳᠤ ᠠᠯᠬᠤᠮ᠂ ᠠᠯᠴᠠᠮ᠂ ᠡᠷᠡᠬᠡᠢ᠂ ᠡᠷᠡᠬᠡᠢ ᠤᠷᠢᠶᠠᠮ᠎ᠠ᠂ ᠪᠠᠷᠢᠮ᠎ᠠ᠂ ᠬᠤᠤᠰ ᠠᠯᠳᠠ᠂ ᠬᠤᠷᠤᠭᠤ᠂ ᠭᠠᠵᠠᠷ᠂ ᠰᠦᠬᠦᠮ᠂ ᠲᠤᠯᠤᠭᠠᠢ ᠤᠷᠢᠶᠠᠮ᠎ᠠ᠂ ᠲᠦᠬᠡ᠂ ᠲᠠᠯᠢᠮ ᠵᠡᠷᠬᠡ ᠬᠡᠮᠵᠢᠬᠦᠷ ᠨᠢ ᠨᠡᠶᠢᠳᠡᠮ ᠬᠡᠷᠡᠭᠯᠡᠳᠡᠭ ᠪᠠᠶᠢᠨ᠎ᠠ᠃      ᠲᠤᠰᠬᠠᠢ ᠬᠡᠮᠵᠢᠬᠦᠷ ᠤᠨ ᠵᠦᠢᠯ ᠳᠤ ᠢᠮᠠᠬᠤ᠂ ᠲᠤᠬᠤᠢ᠂ ᠬᠤᠤᠰ ᠠᠯᠳᠠ᠂ ᠵᠠᠩ ᠵᠡᠷᠬᠡ ᠶᠢ ᠬᠡᠷᠡᠭᠯᠡᠳᠡᠭ ᠶᠤᠮ᠃ ᠢᠮᠠᠬᠤ᠄ ᠲᠤᠯᠤᠪᠤᠷ ᠬᠤᠷᠤᠭᠤᠨ ᠤ ᠨᠢᠬᠡᠳᠦᠭᠡᠷ ᠦᠶ᠎ᠡ ᠠᠴᠠ ᠬᠤᠷᠤᠭᠠᠨ ᠦᠵᠦᠬᠦᠷ ᠬᠦᠷᠳᠡᠯᠡᠬᠢ ᠵᠠᠢ ᠶᠢ ︵ᠪᠠᠷᠤᠭ︶ ᠰᠡᠨᠲ᠋ᠢᠮᠧᠲᠷ ᠡᠨᠡᠬᠦ ᠬᠡᠮᠵᠢᠬᠦᠷ ᠢ ᠤᠯᠠᠩᠭᠢ ᠳᠠᠭᠠᠨ ᠪᠦᠰᠡᠬᠦᠶᠢᠴᠤᠳ ᠬᠤᠪᠴᠠᠰᠤ ᠬᠤᠨᠠᠷ ᠡᠰᠬᠡᠬᠦ ᠤᠷᠠᠨ ᠦᠢᠯᠡ ᠳᠤ ᠬᠡᠷᠡᠭᠯᠡᠳᠡᠭ ᠪᠠᠶᠢᠨ᠎ᠠ᠃ ᠡᠷᠡᠬᠡᠢ ᠤᠷᠢᠶᠠᠮ᠎ᠠ ᠡᠷᠡᠬᠡᠢ ᠬᠤᠷᠤᠭᠤ ᠨᠢᠬᠡ ᠤᠷᠢᠶᠠᠵᠤ ᠬᠦᠢᠴᠡᠮ᠎ᠡ ᠤᠷᠳᠤ ᠵᠠᠢ ︵ᠪᠠᠷᠤᠭ 8 ᠰᠡᠨᠲ᠋ᠢᠮᠧᠲᠷ︶ ᠪᠠᠶᠢᠳᠠᠭ᠃ ᠬᠤᠷᠤᠭᠤ᠄ ᠭᠠᠷ ᠤᠨ ᠬᠤᠷᠤᠭᠤᠨ ᠤ ᠦᠵᠦᠬᠦᠷ ᠤᠨ ᠦᠷᠬᠡᠨ ᠤ ᠬᠡᠮᠵᠢᠶ᠎ᠡ ︵1.6 ᠰᠡᠨᠲ᠋ᠢᠮᠧᠲᠷ︶ ᠪᠠᠶᠢᠳᠠᠭ᠂ ᠪᠠᠷᠢᠮ᠎ᠠ᠄ ᠨᠠᠷᠢᠨ ᠤᠷᠳᠤ ᠵᠦᠢᠯ ᠢ ᠠᠳᠬᠤᠬᠤ ᠳᠤ ᠭᠠᠷ ᠤᠨ ᠠᠯᠠᠭᠠᠨ ᠳᠤ ᠪᠠᠭᠳᠠᠭᠰᠠᠨ ᠤᠷᠳᠤ ᠶᠢᠨ ᠬᠡᠮᠵᠢᠶ᠎ᠡ ︵ᠪᠠᠷᠤᠭ 11-12 ᠰᠡᠨᠲ᠋ᠢᠮᠧᠲᠷ︶ ᠪᠠᠶᠢᠳᠠᠭ᠂ ᠮᠤᠬᠤᠷ ᠰᠦᠬᠦᠮ᠄ ᠡᠷᠡᠬᠡᠢ ᠬᠤᠷᠤᠭᠤ ᠪᠤᠯᠤᠨ ᠲᠤᠯᠤᠪᠤᠷ ᠬᠤᠷᠤᠭᠤᠨ ᠤ ᠲᠤᠮᠳᠠ ᠦᠶ᠎ᠡ ᠬᠤᠶᠠᠷ ᠤᠨ ᠬᠤᠭᠤᠷᠤᠨᠳᠡᠬᠢ ᠰᠤᠩᠭᠠᠭᠰᠠᠨ ᠵᠠᠢ᠃ ᠦᠵᠦᠬᠦᠷ ᠰᠦᠬᠦᠮ᠄ ᠡᠷᠡᠬᠡᠢ ᠬᠤᠷᠤᠭᠤ᠂ ᠲᠤᠯᠤᠪᠤᠷ ᠬᠤᠷᠤᠭᠤ ᠶᠢ ᠲᠠᠯᠠᠵᠤ ᠰᠤᠩᠭᠠᠭᠰᠠᠨ ᠤ ᠬᠤᠶᠢᠨ᠎ᠠ ᠡᠷᠡᠬᠡᠢ ᠬᠤᠷᠤᠭᠤᠨ ᠦᠵᠦᠬᠦᠷ ᠠᠴᠠ ᠲᠤᠯᠤᠪᠤᠷ ᠬᠤᠷᠤᠭᠤᠨ ᠤ ᠦᠵᠦᠬᠦᠷ ᠬᠦᠷᠬᠦ ᠵᠠᠢ᠃ ᠲᠤᠮᠳᠠ ᠬᠤᠷᠤᠭᠤᠨ ᠤ ᠦᠵᠦᠬᠦᠷ ᠪᠠ ᠡᠷᠡᠬᠡᠢ ᠬᠤᠷᠤᠭᠤᠨ ᠤ ᠦᠵᠦᠬᠦᠷ ᠬᠤᠶᠠᠷ ᠤᠨ ᠬᠤᠭᠤᠷᠤᠨᠳᠡᠬᠢ ᠵᠠᠢ᠃ ᠨᠢᠬᠡ ᠲᠦᠬᠡ ᠨᠢ ᠵᠢᠷᠭᠤᠭᠠᠨ ᠢᠮᠠᠬᠤ ᠪᠠᠶᠢᠳᠠᠭ᠃ ᠲᠦᠬᠡᠯᠡᠬᠦᠷ ᠬᠡᠵᠦ ᠲᠦᠬᠡ ᠪᠠᠷ ᠬᠡᠮᠵᠢᠵᠦ ᠲᠦᠬᠡᠯᠡᠬᠦ ᠶᠢ ᠵᠢᠭᠠᠬᠤ ᠶᠢᠨ ᠵᠡᠷᠬᠡ ᠳᠤ ᠲᠠᠪᠤᠨ ᠲᠤᠬᠤᠢ ᠤᠷᠳᠤ ᠵᠠᠢ ᠮᠦᠨ ᠨᠢᠬᠡ ᠲᠦᠬᠡᠯᠡᠬᠦᠷ ᠬᠡᠳᠡᠭ ᠶᠤᠮ᠃ ᠲᠤᠬᠤᠢ᠄ ᠲᠤᠬᠤᠢ ᠶᠢᠨ ᠦᠶ᠎ᠡ ᠠᠴᠠ ᠲᠤᠭᠤᠭᠰᠢᠬᠢ ᠬᠡᠰᠡᠭ ᠤᠨ ᠤᠷᠳᠤ᠃ ᠮᠤᠬᠤᠷ ᠲᠤᠬᠤᠢ᠄ ᠲᠤᠬᠤᠢ ᠶᠢᠨ ᠦᠶ᠎ᠡ ᠠᠴᠠ ᠠᠳᠬᠤᠭᠰᠠᠨ ᠭᠠᠷ ᠤᠨ ᠲᠤᠮᠳᠠ ᠬᠤᠷᠤᠭᠤᠨ ᠤ ᠦᠶ᠎ᠡ ᠬᠦᠷᠳᠡᠯᠡᠬᠢ ᠵᠠᠢ᠃ ᠦᠵᠦᠬᠦᠷ ᠲᠤᠬᠤᠢ ᠪᠠᠷ ᠬᠡᠮᠵᠢᠬᠦ ᠳᠤ ᠭᠠᠷ ᠤᠨ ᠠᠯᠠᠭ᠎ᠠ ᠪᠠᠨ ᠲᠡᠯᠬᠡᠳᠡᠭ᠂ ᠬᠠᠷᠢᠨ ᠮᠤᠬᠤᠷ ᠲᠤᠬᠤᠢ ᠪᠠᠷ ᠬᠡᠮᠵᠢᠬᠦ ᠳᠤ ᠭᠠᠷ ᠢᠶᠠᠨ ᠠᠳᠬᠤᠳᠠᠭ ᠶᠤᠮ᠃ ︵ᠪᠠᠷᠤᠭ 12 ᠢᠮᠠᠬᠤ︶ ᠪᠠᠶᠢᠳᠠᠭ᠂ ᠦᠵᠦᠬᠦᠷ ᠲᠤᠬᠤᠢ᠄ ᠭᠠᠷ ᠤᠨ ᠴᠠᠷᠪᠠᠭᠤ ᠶᠢ ᠲᠡᠨᠡᠶᠢᠯᠭᠡᠭᠰᠡᠨ ᠤ ᠬᠤᠶᠢᠨ᠎ᠠ ᠲᠤᠬᠤᠢ ᠶᠢᠨ ᠦᠶ᠎ᠡ ᠠᠴᠠ ᠬᠤᠷᠤᠭᠤᠨ ᠤ ᠦᠵᠦᠬᠦᠷ ᠬᠦᠷᠳᠡᠯᠡᠬᠢ ᠵᠠᠢ᠃ ᠦᠵᠦᠬᠦᠷ ᠲᠤᠬᠤᠢ ᠪᠠᠷᠤᠭ ︵14 ᠢᠮᠠᠬᠤ︶ ᠪᠠᠶᠢᠳᠠᠭ᠂ ᠲᠠᠯᠢᠮ᠄ ᠲᠠᠨᠠᠶᠢᠳᠠᠯ᠎ᠡ ᠵᠢᠬᠡᠯᠡᠭᠰᠡᠨ ᠭᠠᠷ ᠎ ᠤᠨ ᠲᠤᠮᠳᠠ ᠬᠤᠷᠤᠭᠤᠨ ᠤ ᠦᠵᠦᠬᠦᠷ ᠠᠴᠠ ᠡᠪᠴᠢᠬᠦᠨ ᠤ ᠭᠤᠤᠯ ᠬᠦᠷᠬᠦ ᠵᠠᠢ ︵ᠪᠠᠷᠤᠭ 85 ᠰᠡᠨᠲ᠋ᠢᠮᠧᠲᠷ︶ ᠪᠠᠶᠢᠳᠠᠭ᠃      ᠠᠯᠬᠤᠮ᠄ ᠬᠦᠮᠦᠨ ᠲᠡᠭᠰᠢ ᠭᠠᠵᠠᠷ ᠤᠨ ᠭᠠᠳᠠᠷᠭᠤ ᠲᠡᠬᠡᠷ᠎ᠡ ᠨᠢᠬᠡ ᠠᠯᠬᠤᠬᠤ ᠵᠠᠢ ︵60-65 ᠰᠡᠨᠲ᠋ᠢᠮᠧᠲᠷ︶ ᠪᠠᠶᠢᠳᠠᠭ᠃ ᠠᠯᠴᠠᠮ᠄ ᠬᠦᠮᠦᠨ ᠦᠷᠦᠬᠡᠰᠦᠨ ᠬᠦᠯ ᠢᠶᠠᠨ ᠤᠷᠤᠭᠰᠢ ᠰᠤᠨᠤᠮ᠎ᠠ ᠬᠢᠰᠬᠡᠬᠦ ᠨᠢᠬᠡᠪᠦᠷᠢ ᠶᠢᠨ ᠵᠠᠢ᠃ ᠠᠯᠳᠠ᠄ ᠬᠤᠶᠠᠷ ᠭᠠᠷ ᠢᠶᠠᠨ ᠭᠠᠳᠠᠭᠰᠢ ᠲᠡᠭᠰᠢ ᠰᠤᠩᠭᠠᠭᠰᠠᠨ ᠦᠶ᠎ᠡ ᠶᠢᠨ ᠬᠤᠶᠠᠷ ᠲᠤᠮᠳᠠ ᠬᠤᠷᠤᠭᠤᠨ ᠤ ᠦᠵᠦᠬᠦᠷ ᠤᠨ ᠬᠤᠭᠤᠷᠤᠨᠳᠤᠬᠢ ᠵᠠᠢ᠃      ᠭᠠᠵᠠᠷ ᠬᠡᠬᠦ ᠬᠡᠮᠵᠢᠬᠦᠷ ᠮᠤᠩᠭᠤᠯ ᠬᠡᠯᠡᠨ ᠳᠤ ᠦᠷᠬᠡᠨ᠂ ᠢᠪᠴᠤᠤ ᠤᠳᠬ᠎ᠠ ᠶᠢᠨ ᠢᠯᠭᠠᠭ᠎ᠠ ᠲᠠᠢ ᠪᠠᠷ ᠬᠡᠷᠡᠭᠯᠡᠭᠳᠡᠳᠡᠭ ᠪᠠᠶᠢᠨ᠎ᠠ᠃ ᠦᠷᠬᠡᠨ ᠤᠳᠬ᠎ᠠ ᠨᠢ ᠦᠵᠡᠬᠦ ᠳᠤ ᠨᠤᠳᠤᠭ ᠪᠡᠯᠴᠢᠬᠡᠷ᠂ ᠤᠷᠤᠨ ᠰᠠᠭᠤᠴᠠ ᠪᠠᠶᠢᠴᠠ ᠶᠢ ᠵᠢᠠᠭᠠᠬᠤ᠂ ᠦᠷᠳᠡᠭᠡ ᠶᠢᠨ ᠭᠠᠵᠠᠷ᠂ ᠪᠢᠯᠠᠭᠤ ᠰᠢᠳᠡᠮ᠎ᠡ ᠭᠠᠵᠠᠷ᠂ ᠬᠡᠬᠦᠴᠢᠯᠡᠨ ᠲᠤᠬᠠᠢ ᠶᠢᠨ ᠪᠤᠳᠠᠰ᠂ ᠦᠢᠯᠡ ᠶᠢᠨ ᠬᠦᠷᠬᠦ᠂ ᠪᠤᠯᠬᠤ ᠬᠡᠮᠵᠢᠶ᠎ᠡ ᠪᠦᠬᠦᠢ ᠨᠤᠳᠤᠭ ᠲᠡᠪᠢᠰᠬᠡᠷ ᠤᠨ ᠬᠡᠮᠵᠢᠶ᠎ᠡ ᠶᠢ ᠵᠢᠭᠠᠳᠠᠭ ᠶᠤᠮ᠃ ᠢᠪᠴᠤᠤ ᠤᠳᠬ᠎ᠠ ᠪᠠᠷ ᠵᠠᠭᠤᠨ ᠵᠢᠷᠠᠨ ᠠᠯᠳᠠ ᠎ ᠶᠢ ᠨᠢᠬᠡ ᠭᠠᠵᠠᠷ ᠬᠡᠳᠡᠭ᠃ ᠭᠠᠵᠠᠷ ᠢᠶᠠᠷ ᠭᠤᠤᠯᠳᠠᠭᠤ ᠨᠤᠳᠤᠭ ᠲᠡᠪᠢᠰᠬᠡᠷ᠂ ᠵᠠᠮ ᠵᠡᠬᠡᠯᠢ ᠶᠢᠨ ᠤᠷᠳᠤ ᠶᠢ ᠬᠡᠮᠵᠢᠳᠡᠭ ᠪᠤᠯᠪᠠᠴᠤ ᠤᠨᠴᠠ ᠤᠷᠳᠤ ᠶᠢᠨ ᠬᠡᠮᠵᠢᠶ᠎ᠡ ᠪᠦᠬᠦᠢ ᠲᠡᠬᠡᠰᠦ ᠰᠢᠨᠳᠠᠰᠤᠨ ᠤ ᠵᠦᠢᠯ ᠢ ᠬᠡᠮᠵᠢᠳᠡᠭ ᠶᠤᠮ᠃      ᠬᠤᠯᠠ ᠤᠶᠢᠷ᠎ᠠ ᠶᠢᠨ ᠬᠡᠮᠵᠢᠶ᠎ᠡ      ᠡᠬᠦᠳᠡᠨ ᠬᠤᠶᠢᠮᠦᠷ᠄ ᠮᠤᠩᠭᠤᠯ ᠬᠡᠷ ᠤᠨ ᠡᠬᠦᠳᠡ ᠠᠴᠠ ᠡᠭᠴᠡ ᠡᠰᠡᠷᠬᠦ ᠬᠠᠨ᠎ᠠ ᠬᠦᠷᠬᠦ ᠵᠠᠢ ᠶᠢ ᠬᠡᠯᠡᠳᠡᠭ᠃ ᠴᠤᠯᠪᠤᠭᠤᠷ ᠬᠦᠷᠦᠮ᠎ᠡ ᠵᠠᠢ᠂ ᠨᠤᠭᠳᠤ ᠶᠢᠨ ᠴᠤᠯᠪᠤᠭᠤᠷ ᠢ ᠰᠤᠩᠭᠠᠭᠰᠠᠨ ᠤ ᠬᠢᠷᠢ ᠵᠠᠢ᠂ ᠠᠯᠳᠠ ᠬᠠᠭᠠᠰ ᠤᠨ ᠬᠢᠷᠢ ᠤᠷᠳᠤ ᠵᠠᠢ ᠶᠢ ᠴᠤᠯᠪᠤᠭᠤᠷ ᠬᠦᠷᠦᠮ᠎ᠡ ᠵᠠᠢ ᠬᠡᠳᠡᠭ᠃ ᠵᠠᠯᠠᠨ ᠤ ᠬᠢᠷᠢ ᠤᠨᠤᠭ᠎ᠠ ᠮᠤᠷᠢ ᠤᠶᠠᠬᠤ᠂ ᠲᠤᠭᠤᠯ ᠪᠢᠷᠠᠭᠤ ᠲᠠᠳᠠᠬᠤ ᠳᠤ ᠬᠡᠷᠡᠭᠯᠡᠳᠡᠭ ᠵᠡᠯ᠎ᠡ ᠶᠢᠨ ᠲᠡᠬᠡᠰᠦᠨ ᠤ ᠬᠡᠮᠵᠢᠶ᠎ᠡ ᠪᠠᠷ ᠵᠢᠱᠢᠨ ᠬᠡᠮᠵᠢᠳᠡᠭ ᠤᠷᠳᠤ ᠶᠢᠨ ᠬᠡᠮᠵᠢᠶ᠎ᠡ ︵6-10 ᠮᠧᠲᠷ  ᠪᠠᠶᠢᠳᠠᠭ  ︶ ᠪᠢᠯᠠᠭᠤ ᠰᠢᠳᠡᠮ᠎ᠡ ᠭᠠᠵᠠᠷ᠂ ᠮᠤᠩᠭᠤᠯᠴᠤᠳ ᠠᠪᠠ ᠬᠦᠷᠦᠬᠡ ᠬᠢᠬᠦ ᠳᠤ ᠬᠡᠬᠡᠷ᠎ᠡ ᠬᠦᠳᠡᠭᠡ ᠶᠠᠪᠤᠬᠤ ᠳᠠᠭᠠᠨ ᠦᠵᠦᠬᠦᠷ ᠲᠡᠭᠡᠨ ᠵᠡᠰ ᠭᠠᠤᠯᠢ ᠪᠠᠷ ᠬᠢᠭᠰᠡᠨ ᠲᠡᠬᠦᠵᠢᠩ ᠮᠡᠬᠡᠷ ᠦᠵᠦᠬᠦᠷ ᠲᠠᠢ ᠰᠢᠳᠡᠮ ᠠᠪᠴᠤ ᠶᠠᠪᠤᠳᠠᠭ᠃ ᠡᠨᠡᠬᠦ ᠰᠢᠳᠡᠮ ᠢ ᠪᠢᠯᠠᠭᠤ ᠬᠡᠳᠡᠭ ᠶᠤᠮ᠃ ᠠᠷᠭᠠᠮᠵᠢᠶ᠎ᠠ ᠶᠢᠨ ᠭᠠᠵᠠᠷ᠄ ᠮᠤᠩᠭᠤᠯᠴᠤᠳ ᠠᠳᠤᠭᠤ ᠮᠠᠯ ᠢᠶᠠᠨ ᠠᠷᠭᠠᠮᠵᠢᠯᠠᠨ ᠠᠷᠠᠴᠢᠯᠠᠬᠤ ᠳᠠᠭᠠᠨ ᠶᠡᠷᠦ ᠳᠡᠭᠡᠨ ᠬᠡᠷ ᠤᠷᠤᠨ ᠠᠴᠠ ᠤᠶᠢᠷ᠎ᠠ ᠨᠢᠳᠦᠨ ᠬᠠᠷᠠᠭᠠᠨ ᠤ ᠭᠠᠵᠠᠷ ᠠᠷᠭᠠᠮᠵᠢᠯᠠᠳᠠᠭ ᠪᠠᠶᠢᠨ᠎ᠠ᠃ ᠠᠷᠭᠠᠮᠵᠢᠶ᠎ᠠ ᠶᠢᠨ ᠭᠠᠵᠠᠷ ︵6-15︶ ᠬᠤᠤᠰ ᠠᠯᠳᠠ ᠵᠠᠶᠢᠳᠠᠢ ᠪᠠᠶᠢᠳᠠᠭ᠃      ᠨᠤᠮᠤᠨ ᠭᠠᠵᠠᠷ᠄ ᠨᠤᠮ ᠰᠤᠮᠤ ᠪᠠᠷ ᠨᠢᠬᠡ ᠬᠠᠷᠪᠤᠭᠠᠳ ᠬᠦᠷᠬᠦ ᠭᠠᠵᠠᠷ᠃ ᠴᠢᠯᠠᠭᠤ ᠴᠤᠬᠢᠮ᠎ᠠ ᠭᠠᠵᠠᠷ᠄ ᠬᠦᠮᠦᠰ ᠬᠠᠳᠠ ᠴᠢᠯᠠᠭᠤ ᠰᠢᠳᠡᠬᠡᠳ ᠬᠦᠷᠬᠦ ᠭᠠᠵᠠᠷ ᠃ ︵9-15 ᠬᠤᠤᠰ ᠠᠯᠳᠠ︶ ᠲᠠᠭᠤᠨ ᠤ ᠭᠠᠵᠠᠷ᠄ ᠬᠤᠯᠠ ᠪᠠᠶᠢᠭ᠎ᠠ ᠬᠤᠶᠠᠷ ᠬᠦᠮᠦᠨ ᠲᠠᠭᠤ ᠲᠠᠭᠤ ᠪᠠᠨ ᠠᠪᠤᠯᠴᠠᠵᠤ ᠲᠠᠶᠢᠯᠬᠦ ᠵᠠᠢ᠃ ᠲᠠᠭᠤᠨ ᠤ ᠭᠠᠵᠠᠷ ᠪᠠᠷᠤᠭ ᠬᠤᠶᠠᠷ ᠭᠠᠵᠠᠷ ᠵᠠᠶᠢᠳᠠᠢ ᠪᠠᠶᠢᠳᠠᠭ᠃      ᠲᠤᠭᠤᠯ ᠤᠨ ᠪᠡᠯᠴᠢᠬᠡᠷ᠄ ᠬᠤᠳᠠ ᠤᠶᠢᠷᠠᠯᠴᠠᠭ᠎ᠠ ᠬᠤᠯᠠ ᠪᠢᠰᠢ ᠵᠠᠢ᠂ ᠬᠤᠶᠠᠷ ᠭᠠᠵᠠᠷ ᠤᠨ ᠵᠠᠢ ᠶᠢ ᠵᠢᠭᠠᠳᠠᠭ ᠪᠠᠶᠢᠨ᠎ᠠ᠃      ᠰᠠᠭᠠᠬᠠᠯᠳᠠ ᠶᠢᠨ ᠭᠠᠵᠠᠷ᠄ ᠨᠡᠬᠦᠳᠡᠯᠴᠢᠨ ᠮᠠᠯᠴᠢᠳ ᠠᠶᠢᠯ ᠬᠦᠷᠰᠢ ᠰᠠᠭᠤᠬᠤ ᠳᠤ ᠬᠠᠶᠠᠭ᠎ᠠ ᠲᠠᠷᠤᠵᠤ ᠰᠠᠭᠤᠬᠤ ᠨᠢ ᠴᠦᠬᠡᠨ᠂ ᠠᠶᠢᠯ ᠬᠡᠷ ᠬᠤᠭᠤᠷᠤᠨᠳᠤ ᠎ ᠪᠠᠨ ᠵᠤᠬᠢᠬᠤ ᠵᠠᠶᠢᠳᠠᠢ ᠪᠠᠶᠢᠳᠠᠭ᠃ ︵ᠬᠤᠶᠠᠷ ᠭᠠᠵᠠᠷ ᠬᠢᠷᠢᠳᠠᠢ ᠪᠠᠶᠢᠳᠠᠭ︶ ᠬᠤᠨᠢᠨ ᠪᠡᠯᠴᠢᠬᠡᠷ᠄ ᠠᠳᠤᠭᠤ ᠮᠠᠯ ᠢᠶᠠᠨ ᠪᠡᠯᠴᠢᠬᠡᠷᠯᠡᠬᠦᠯᠬᠦ ᠳᠤ ᠬᠤᠯᠠ ᠤᠶᠢᠷ᠎ᠠ ᠶᠢᠨ ᠬᠡᠮᠵᠢᠶ᠎ᠡ ᠠᠳᠠᠯᠢ ᠪᠤᠰᠤ ᠪᠠᠶᠢᠳᠠᠭ᠃ ︵2- 5 ᠭᠠᠵᠠᠷ ᠤᠨ ᠵᠠᠢ ᠶᠢ ᠵᠢᠭᠠᠵᠤ ᠪᠠᠶᠢᠳᠠᠭ︶ ᠠᠳᠤᠭᠤᠨ ᠪᠡᠯᠴᠢᠬᠡᠷ᠄ ᠠᠳᠤᠭᠤ ᠪᠡᠯᠴᠢᠬᠦ ᠭᠠᠵᠠᠷ ︵8-20 ᠭᠠᠵᠠᠷ ᠎ ᠤᠨ ᠵᠠᠢ ᠶᠢ ᠵᠢᠭᠠᠳᠠᠭ ᠪᠠᠶᠢᠨ᠎ᠠ︶      ᠨᠢᠬᠡ ᠦᠨᠳᠡᠶᠢᠮ᠎ᠡ ᠭᠠᠵᠠᠷ᠄ ᠮᠤᠷᠢᠳᠠᠢ ᠬᠦᠮᠦᠨ ᠤᠨᠤᠭ᠎ᠠ ᠮᠤᠷᠢ ᠪᠠᠨ ᠨᠢᠬᠡ ᠤᠳᠠᠭ᠎ᠠ ᠲᠤᠪᠳᠤᠯᠠᠬᠤ ᠳᠤ ᠬᠤᠷᠤᠭᠠᠬᠤ ᠵᠠᠮ ᠤᠨ ᠤᠷᠳᠤ ︵5-10 ᠭᠠᠵᠠᠷ ᠎ ᠤᠨ ᠵᠠᠢ ᠶᠢ ᠵᠢᠭᠠᠵᠤ ᠪᠠᠶᠢᠳᠠᠭ︶      ᠨᠢᠳᠦᠨ ᠪᠠᠷ᠎ᠠ ᠶᠢᠨ ᠭᠠᠵᠠᠷ᠄ ᠨᠢᠳᠦᠨ ᠬᠠᠷᠠᠭᠠᠨ ᠳᠤ ᠤᠷᠤᠵᠤ ᠪᠠᠶᠢᠭ᠎ᠠ ᠬᠠᠮᠤᠭ ᠤᠨ ᠬᠤᠯᠠ ᠵᠠᠢ᠃ ᠪᠠᠷ᠎ᠠ ᠶᠢᠨ ᠭᠠᠵᠠᠷ ᠪᠠᠷᠤᠭ ᠠᠷᠪᠠᠨ ᠭᠠᠵᠠᠷ ᠤᠷᠴᠢᠮ ᠵᠠᠶᠢᠳᠠᠢ ᠪᠠᠶᠢᠳᠠᠭ᠃      ᠬᠠᠳᠠᠷᠢᠶ᠎ᠠ ᠶᠢᠨ ᠭᠠᠵᠠᠷ᠄ ᠮᠤᠷᠢᠳᠠᠢ ᠬᠦᠮᠦᠨ ᠨᠢᠬᠡ ᠤᠳᠠᠭ᠎ᠠ ᠰᠠᠶᠢᠨ ᠬᠠᠳᠠᠷᠢᠭᠤᠯᠬᠤ ᠳᠤ ᠬᠤᠷᠤᠭᠠᠬᠤ ᠵᠠᠢ ᠶᠢ ᠵᠢᠭᠠᠳᠠᠭ᠃       ᠨᠡᠬᠦᠳᠡᠯ ᠤᠨ ᠭᠠᠵᠠᠷ᠄ ᠤᠳᠤᠷᠴᠢᠳ ᠤᠨ ᠨᠢᠬᠡ ᠤᠳᠠᠭ᠎ᠠ ᠡᠬᠦᠬᠦ ᠵᠠᠢ ︵ᠭᠤᠴᠢᠭᠠᠳ ᠭᠠᠵᠠᠷ ᠤᠨ ᠵᠠᠢ ᠶᠢ ᠵᠢᠭᠠᠳᠠᠭ︶      ᠦᠷᠳᠡᠭᠡ᠄ ᠮᠤᠩᠭᠤᠯ ᠨᠤᠳᠤᠭ ᠲᠤ ᠤᠯᠭ᠎ᠠ ᠦᠷᠳᠡᠭᠡ ᠪᠤᠢ ᠪᠤᠯᠤᠭᠰᠠᠨ ᠠᠴᠠ ᠬᠤᠶᠢᠰᠢ ᠭᠠᠵᠠᠷ ᠤᠨ ᠶᠠᠪᠤᠳᠠᠯ ᠪᠤᠢ ᠪᠤᠯᠵᠠᠢ᠃ ᠨᠢᠬᠡ ᠦᠷᠳᠡᠭᠡ ᠪᠠᠷᠤᠭ 60 ᠭᠠᠵᠠᠷ ᠪᠠᠶᠢᠵᠤ᠂ ᠮᠤᠩᠭᠤᠯ ᠤᠨ ︵ᠭᠠᠵᠠᠷ︶ ᠬᠡᠳᠡᠭ ᠬᠡᠮᠵᠢᠬᠦᠷ ᠢᠶᠠᠷ ᠶᠡᠷᠦ ᠨᠢ ᠲᠠᠪᠢ ᠵᠢᠷᠠᠨ ᠭᠠᠵᠠᠷ ᠪᠠᠶᠢᠳᠠᠭ᠃ ᠡᠬᠦᠨ ᠢ ᠦᠷᠳᠡᠬᠡᠨ ᠤ ᠭᠠᠵᠠᠷ ᠬᠡᠳᠡᠭ ᠶᠤᠮ᠃      ᠦᠳᠡ ᠶᠢᠨ ᠭᠠᠵᠠᠷ᠄ ᠦᠳᠡᠯᠡᠬᠦ ᠪᠤᠯᠳᠠᠯ᠎ᠠ ᠶᠠᠪᠤᠬᠤ ᠵᠠᠢ᠂ ᠶᠡᠷᠦ ᠶᠢᠨ ᠪᠠᠶᠢᠳᠠᠯ ᠳᠤ ᠬᠤᠶᠠᠷ ᠦᠷᠳᠡᠭᠡ ᠤᠷᠴᠢᠮ ᠭᠠᠵᠠᠷ ᠢ ᠡᠳᠦᠷ ᠤᠨ ᠵᠠᠮ ᠬᠡᠳᠡᠭ ᠶᠤᠮ᠃ ᠬᠠᠭᠠᠰ ᠡᠳᠦᠷ ᠤᠨ ᠭᠠᠵᠠᠷ᠂ ︵80-90 ᠭᠠᠵᠠᠷ ᠢ ᠬᠠᠭᠠᠰ ᠡᠳᠦᠷ ᠤᠨ ᠵᠠᠮ︶ ᠬᠡᠳᠡᠭ ᠪᠠᠶᠢᠨ᠎ᠠ᠃      ᠨᠢᠬᠡ ᠪᠠᠭᠤᠳᠠᠯ ᠤᠨ ᠭᠠᠵᠠᠷ᠄  50-60 ᠭᠠᠵᠠᠷ ᠢ ᠨᠢᠬᠡ ᠪᠠᠭᠤᠳᠠᠯ ᠤᠨ ᠭᠠᠵᠠᠷ ᠬᠡᠳᠡᠭ᠃      ᠪᠦᠳᠦᠨ ᠡᠳᠦᠷ ᠤᠨ ᠭᠠᠵᠠᠷ᠄ 180-200 ᠭᠠᠵᠠᠷ ᠢ ᠪᠦᠳᠦᠨ ᠡᠳᠦᠷ ᠤᠨ ᠭᠠᠵᠠᠷ ᠬᠡᠳᠡᠭ ᠶᠤᠮ᠃ ᠡᠳᠦᠷ ᠤᠨ ᠵᠠᠮ᠄ ᠬᠤᠨᠤᠭ ᠤᠨ ᠭᠠᠵᠠᠷ᠄ ᠪᠦᠳᠦᠨ ᠡᠳᠦᠷ ᠤᠨ ᠭᠠᠵᠠᠷ ᠤᠨ ᠵᠢᠠᠭᠠᠭᠰᠠᠨ ᠬᠤᠯᠠ ᠵᠠᠢ ︵240-260︶ ᠭᠠᠵᠠᠷ ᠢ ᠡᠳᠦᠷ ᠤᠨ ᠵᠠᠮ ᠬᠡᠳᠡᠭ᠃      ᠦᠨᠳᠦᠷ ᠪᠤᠭᠤᠨᠢ ᠬᠦᠨ ᠬᠦᠢᠬᠡᠨ ᠤ ᠬᠡᠮᠵᠢᠶ᠎ᠡ ᠡᠪᠡᠰᠦᠨ ᠤ ᠰᠤᠷᠭᠤᠭ ᠤᠰᠤᠨ ᠤ ᠲᠤᠩᠭᠠᠯᠠᠭ ᠢ ᠰᠢᠯᠢᠨ ᠨᠡᠬᠦᠳᠡᠯᠯᠡᠨ ᠮᠠᠯᠵᠢᠵᠤ ᠢᠷᠡᠭᠰᠡᠨ ᠮᠤᠩᠭᠤᠯᠴᠤᠳ ᠤᠰᠤ ᠪᠡᠯᠴᠢᠬᠡᠷ ᠤᠨ ᠤᠷᠭᠤᠴᠠ ᠶᠢᠨ ᠦᠨᠳᠦᠷ᠂ ᠤᠰᠤ ᠰᠢᠪᠡᠷ ᠤᠨ ᠬᠦᠨ ᠬᠦᠢᠬᠡᠨ ᠢ ᠬᠡᠮᠵᠢᠳᠡᠭ ᠤᠨᠴᠠᠭᠠᠢ ᠬᠡᠮᠵᠢᠬᠦᠷ ᠲᠠᠢ ᠪᠠᠶᠢᠳᠠᠭ᠃ ᠲᠡᠷᠡ ᠬᠦ᠋ ᠬᠡᠮᠵᠢᠬᠦᠷ ᠎ ᠨᠢ ᠮᠦᠨ ᠦᠪᠡᠷ ᠤᠨ ᠪᠡᠶ᠎ᠡ ᠶᠢᠨ ᠡᠷᠬᠡᠳᠡᠨ᠂ ᠡᠮᠦᠰᠬᠦ ᠡᠳ᠋ᠯᠡᠬᠦ ᠵᠦᠢᠯ᠂ ᠤᠨᠤᠭ᠎ᠠ ᠮᠤᠷᠢᠨ ᠤ ᠮᠦᠴᠢ ᠲᠠᠢ ᠵᠢᠱᠢᠶᠡᠯᠡᠨ ᠭᠠᠷᠭᠠᠭᠰᠠᠨ ᠵᠦᠢᠯ ᠪᠠᠶᠢᠳᠠᠭ᠃ ᠦᠨᠳᠦᠷ ᠪᠤᠭᠤᠨᠢ ᠶᠢᠨ ᠬᠡᠮᠵᠢᠶ᠎ᠡ ᠨᠢ ᠤᠯᠠᠩᠭᠢ ᠳᠠᠭᠠᠨ ᠬᠦᠨ ᠬᠦᠢᠬᠡᠨ ᠤ ᠬᠡᠮᠵᠢᠶ᠎ᠡ ᠲᠠᠢ ᠠᠳᠠᠯᠢ ᠪᠠᠶᠢᠳᠠᠭ ᠪᠦᠬᠡᠳ ᠤᠨᠴᠠ ᠵᠠᠷᠢᠮ ᠦᠶ᠎ᠡ ᠳᠤ ᠤᠷᠳᠤ ᠪᠤᠭᠤᠨᠢ ᠶᠢᠨ ᠬᠡᠮᠵᠢᠬᠦᠷ ᠲᠠᠢ ᠴᠤ ᠠᠳᠠᠯᠢ ᠪᠠᠶᠢᠳᠠᠭ ᠶᠤᠮ᠃ ᠡᠬᠦᠨ ᠳᠤ ᠤᠰᠤᠨ ᠤ ᠬᠦᠨ ᠢ ᠬᠡᠮᠵᠢᠬᠦ ᠳᠡᠭᠡᠨ ᠤᠯᠠ ᠶᠢᠨ ᠴᠢᠨᠡᠭᠡ᠂ ᠱᠠᠭ᠎ᠠ ᠴᠢᠨᠡᠭᠡ᠂ ᠬᠢᠩᠭᠠᠷ᠎ᠠ ᠴᠢᠨᠡᠭᠡ᠂ ᠵᠤᠯᠤᠭ ᠴᠢᠨᠡᠭᠡ᠂ ᠵᠤᠯᠤᠭ ᠢᠶᠠᠷ ᠬᠠᠳᠬᠤᠬᠤ᠂ ᠲᠦᠷᠡᠢ ᠪᠠᠷ ᠬᠠᠳᠬᠤᠬᠤ᠂ ᠠᠷᠠᠯ ᠲᠡᠪᠡᠮ᠎ᠡ᠂ ᠲᠡᠩᠬᠡᠯᠢᠭ ᠲᠡᠪᠡᠮ᠎ᠡ᠂ ᠡᠪᠦᠳᠦᠭ ᠴᠢᠨᠡᠭᠡ᠂ ᠲᠦᠷᠦᠬᠡ ᠰᠢᠬᠦᠷᠡᠮ᠎ᠡ᠂ ᠪᠦᠪᠦᠷᠬᠡ ᠰᠢᠬᠦᠷᠡᠮ᠎ᠡ᠂ ᠪᠦᠳᠦᠬᠦᠨ ᠭᠤᠶ᠎ᠠ ᠴᠢᠨᠡᠭᠡ᠂ ᠪᠦᠰᠡᠯᠡᠬᠦᠷ ᠴᠢᠨᠡᠭᠡ᠂ ᠬᠦᠵᠦᠬᠦᠦ ᠴᠢᠨᠡᠭᠡ᠂ ᠮᠤᠷᠢᠨ ᠨᠢᠷᠤᠭᠤ ᠲᠡᠪᠡᠮ᠎ᠡ᠂ ᠮᠤᠨᠳᠠᠭ᠎ᠠ ᠰᠢᠬᠦᠷᠡᠮ᠎ᠡ᠂ ᠮᠦᠷᠦ ᠴᠢᠨᠡᠭᠡ ᠬᠡᠬᠦ ᠮᠡᠳᠦ ᠪᠠᠷ ᠬᠡᠮᠵᠢᠳᠡᠭ ᠶᠤᠮ᠃ ᠡᠪᠡᠰᠦ᠂ ᠪᠡᠯᠴᠢᠬᠡᠷ᠂ ᠲᠠᠷᠢᠶᠠᠨ ᠤᠷᠭᠤᠴᠠ ᠶᠢ ᠬᠡᠮᠵᠢᠬᠦ ᠳᠡᠭᠡᠨ ᠬᠤᠯᠤᠭᠠᠨ᠎ᠠ ᠴᠢᠬᠢᠯᠡᠬᠦ᠂ ᠬᠦᠷᠦᠰᠦ ᠪᠦᠷᠬᠦᠬᠦ᠂ ᠬᠤᠪᠤᠩ ᠲᠤᠯᠬᠤ᠂ ᠬᠠᠰᠠᠭ ᠲᠤᠯᠬᠤ᠂ ᠤᠨᠴᠤᠭ ᠰᠢᠬᠦᠷᠡᠮ᠎ᠡ᠂ ᠭᠠᠨᠵᠤᠭ᠎ᠠ ᠰᠢᠬᠦᠷᠡᠮ᠎ᠡ ᠬᠡᠬᠦ ᠮᠡᠳᠦ ᠪᠠᠷ ᠬᠡᠮᠵᠢᠳᠡᠭ᠃ ᠪᠤᠷᠤᠭᠠᠨ ᠴᠢᠬᠢᠭ ᠨᠡᠪᠳᠡᠷᠡᠬᠦ ᠬᠡᠮᠵᠢᠶ᠎ᠡ ᠶᠢ ᠠᠨᠵᠢᠰᠤᠨ ᠪᠤᠷᠤᠭᠠᠨ᠂ ᠬᠦᠷᠵᠡ ᠪᠤᠷᠤᠭᠠᠨ᠂ ᠵᠤᠤᠬᠠᠨ ᠪᠤᠷᠤᠭᠠᠨ᠂ ᠵᠤᠭᠤᠷᠢᠨ ᠪᠤᠷᠤᠭᠠᠨ ᠬᠡᠬᠦ ᠮᠡᠳᠦ ᠪᠠᠷ ᠬᠡᠮᠵᠢᠳᠡᠭ ᠶᠤᠮ᠃
ᠢᠷᠡᠯᠲᠡ᠄ ᠲᠤᠰ ᠰᠦᠯᠵᠢᠶ᠎ᠡ