ᠤᠩᠰᠢᠬᠤ ᠳᠠᠳᠬᠠᠯ ᠢ ᠪᠤᠢ ᠪᠤᠯᠭᠠᠬᠤ ᠲᠤᠬᠠᠢ ᠦᠴᠦᠬᠡᠨ ᠰᠠᠨᠠᠭᠤᠯᠤᠮᠵᠢ
ᠨᠡᠶᠢᠲᠡᠯᠡᠭᠰᠡᠨ ᠴᠠᠭ᠄
2022/8/23
     ︽ᠤᠩᠰᠢᠬᠤ ᠪᠤᠯ ᠨᠤᠮ ᠪᠢᠴᠢᠭ ᠢ ᠨᠢᠳᠦᠯᠡᠨ ᠲᠠᠨᠢᠵᠤ ᠳᠠᠭᠤᠳᠠᠬᠤ︾ ᠭᠡᠵᠦ ᠲᠤᠯᠢ ᠪᠢᠴᠢᠭ ᠳᠡᠭᠡᠷ᠎ᠡ ᠲᠠᠶᠢᠯᠪᠤᠷᠢᠯᠠᠭᠰᠠᠨ ᠪᠠᠶᠢᠳᠠᠭ᠃ ᠡᠷᠲᠡᠨ ᠤ ᠬᠦᠮᠦᠰ ︽ᠲᠦᠮᠡᠨ ᠳᠡᠪᠲᠡᠷ ᠨᠤᠮ ᠤᠩᠰᠢᠬᠤ ᠨᠢ ᠲᠦᠮᠡᠨ ᠭᠠᠵᠠᠷ ᠬᠤᠯᠠ ᠠᠶᠠᠯᠠᠭᠰᠠᠨ ᠲᠠᠢ ᠠᠳᠠᠯᠢ︾ ᠭᠡᠵᠦ ᠶᠠᠷᠢᠭᠰᠠᠨ ᠪᠠᠶᠢᠳᠠᠭ᠃ ᠬᠦᠨ ᠤᠬᠠᠭᠠᠨᠲᠠᠳ ᠪᠠᠰᠠ ︽ᠨᠤᠮ ᠳᠡᠪᠲᠡᠷ ᠪᠤᠯ ᠬᠦᠮᠦᠨ ᠲᠦᠷᠦᠯᠬᠢᠲᠡᠨ ᠤ ᠳᠠᠪᠰᠢᠬᠤ ᠱᠠᠲᠤ︾ ᠭᠡᠵᠦ ᠶᠠᠷᠢᠭᠰᠠᠨ ᠪᠠᠶᠢᠳᠠᠭ᠃ ᠲᠡᠭᠡᠪᠡᠯ ᠨᠤᠮ ᠤᠩᠰᠢᠬᠤ ᠨᠢ ᠴᠤᠬᠤᠮ ᠬᠡᠳᠦᠢ ᠴᠢᠬᠤᠯᠠ ᠪᠤᠢ      ᠨᠢᠭᠡ ᠭᠠᠷᠠᠭ ᠤᠨ ᠴᠢᠯᠦᠭᠡ ᠪᠠᠷ ᠪᠢ ᠨᠤᠲᠤᠭ ᠲᠤ ᠪᠠᠨ ᠬᠠᠷᠢᠵᠤ᠂ ᠬᠤᠰᠢᠭᠤᠨ ᠤ ᠪᠠᠨ ᠮᠤᠩᠭᠤᠯ ᠨᠤᠮ ᠤᠨ ᠰᠠᠩ ᠳᠤ ᠵᠢᠭᠠᠨ ᠰᠤᠷᠭᠠᠯᠲᠠ ᠳᠤᠮᠳᠠ ᠬᠡᠷᠡᠭᠯᠡᠬᠦ ᠪᠢᠴᠢᠭ ᠮᠠᠲ᠋ᠧᠷᠢᠶᠠᠯ ᠠᠪᠬᠤ ᠪᠠᠷ ᠤᠷᠤᠯ᠎ᠠ᠃ ᠲᠡᠷᠡ ᠨᠤᠮ ᠤᠨ ᠰᠠᠩ ᠤᠨ ᠡᠵᠡᠨ ᠨᠢ ᠤᠤᠯ ᠨᠢ ᠮᠢᠨᠦ ᠰᠤᠷᠤᠯᠴᠠᠵᠤ ᠦᠩᠭᠡᠷᠡᠭᠰᠡᠨ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠶᠢᠭᠰᠠᠨ ᠤᠳᠠᠭᠠᠨ ᠵᠢᠯ ᠤᠨ ᠲᠤᠷᠰᠢᠯᠭ᠎ᠠ ᠲᠠᠢ ᠡᠪᠦᠭᠡᠨ ᠪᠠᠭᠰᠢ ᠪᠠᠶᠢᠯ᠎ᠠ᠃ ᠨᠠᠳᠠ ᠶᠢ ᠤᠷᠤᠵᠤ ᠤᠴᠢᠬᠤ ᠳᠤ ᠪᠠᠭᠰᠢ ᠲᠤᠶᠢᠯ ᠤᠨ ᠳᠤᠲᠤᠨᠤᠰᠠᠭ ᠢᠶᠠᠷ ᠤᠭᠲᠤᠵᠤ᠂ ᠶᠠᠮᠠᠷ ᠲᠦᠷᠦᠯ ᠤᠨ ᠨᠤᠮ ᠠᠪᠬᠤ ᠲᠤᠬᠠᠢ ᠠᠰᠠᠭᠤᠨ ᠲᠠᠨᠢᠯᠴᠠᠭᠤᠯᠤᠯ᠎ᠠ᠃ ᠮᠢᠨᠦ ᠬᠡᠦᠬᠡᠳ ᠤᠨ ᠵᠢᠭᠠᠨ ᠰᠤᠷᠭᠠᠯᠲᠠ ᠶᠢᠨ ᠲᠤᠬᠠᠢ ᠨᠤᠮ ᠠᠪᠬᠤ ᠶᠢ ᠦᠵᠡᠭᠡᠳ ᠪᠠᠭᠰᠢ ᠤᠳᠤ ᠶᠢᠨ ᠵᠢᠭᠠᠨ ᠰᠤᠷᠭᠠᠯᠲᠠ ᠶᠢᠨ ᠲᠤᠬᠠᠢ ᠨᠠᠳᠠ ᠲᠠᠢ ᠵᠤᠭᠤᠭᠳᠠᠨ ᠶᠠᠷᠢᠯᠴᠠᠯ᠎ᠠ᠃ ᠪᠢ᠄ ︽ᠪᠠᠭᠰᠢ ᠲᠠ ᠦᠪᠡᠷ ᠢᠶᠠᠨ ᠨᠤᠮ ᠤᠨ ᠰᠠᠩ ᠨᠡᠭᠡᠭᠡᠴᠢᠭᠡᠭᠡᠳ ᠶᠠᠮᠠᠷ ᠭᠤᠶᠤ ᠪᠤᠢ︕ ᠨᠢᠭᠡ ᠲᠠᠯ᠎ᠠ ᠪᠠᠷ ᠨᠤᠮ ᠢᠶᠠᠨ ᠤᠩᠰᠢᠴᠢᠬᠠᠭᠰᠠᠨ᠂ ᠨᠢᠭᠡ ᠲᠠᠯ᠎ᠠ ᠪᠠᠷ ᠵᠤᠭᠤᠰ ᠬᠤᠨᠵᠢᠴᠢᠬᠠᠭᠰᠠᠨ ᠁ ︾ ᠭᠡᠬᠦ ᠳᠤ ᠪᠠᠭᠰᠢ ᠶᠢᠨ ᠨᠢᠳᠦᠨ ᠳᠤ ᠵᠤᠪᠠᠨᠢᠯ ᠤᠨ ᠪᠠᠶᠢᠳᠠᠯ ᠢᠯᠡᠷᠡᠨ᠄ ︽ᠤᠳᠤ ᠨᠤᠮ ᠠᠪᠳᠠᠭ ᠬᠦᠮᠦᠨ ᠠᠯᠠᠭ᠎ᠠ ᠪᠤᠯᠤᠭᠰᠠᠨ᠂  ᠨᠤᠮ ᠤᠩᠰᠢᠳᠠᠭ ᠬᠦᠮᠦᠨ ᠨᠡᠩ ᠴᠦ ᠴᠦᠭᠡᠷᠡᠭᠰᠡᠨ᠂ ᠤᠯᠠᠨ ᠨᠤᠮ ᠢ ᠪᠦᠷ ᠳᠠᠷᠤᠵᠤ ᠪᠠᠶᠢᠨ᠎ᠠ ᠰᠢᠦ︕︾ ᠭᠡᠵᠦ ᠭᠤᠨᠢᠭᠯᠠᠯᠲᠠᠢ ᠶᠠᠷᠢᠭᠠᠳ ᠳᠠᠬᠢᠨ᠄ ︽ᠪᠠᠭᠰᠢ ᠪᠤᠯᠤᠭᠰᠠᠨ ᠲᠠ ᠨᠠᠷ ᠡᠷᠬᠡᠪᠰᠢ ᠬᠡᠦᠬᠡᠳ ᠤᠳ ᠢ ᠢᠯᠡᠭᠦᠦ ᠨᠤᠮ ᠤᠩᠰᠢᠬᠤ ᠳᠠᠳᠬᠠᠯ ᠲᠠᠢ ᠪᠤᠯᠭᠠᠬᠤ ᠡᠭᠦᠷᠭᠡ ᠲᠠᠢ ᠰᠢᠦ᠂ ᠤᠳᠤ ᠶᠢᠨ ᠵᠠᠯᠠᠭᠤ ᠪᠠᠭᠰᠢ ᠨᠠᠷ ᠡᠨᠡ ᠲᠠᠯ᠎ᠠ ᠶᠢ ᠤᠮᠳᠠᠭᠠᠶᠢᠯᠠᠭᠠᠳ ᠪᠠᠶᠢᠬᠤ ᠶᠤᠮ︾ ᠭᠡᠬᠦ ᠳᠤ ᠪᠢ᠄ ︽ᠤᠳᠤ ᠶᠢᠨ ᠬᠡᠦᠬᠡᠳ ᠮᠤᠩᠭᠤᠯ ᠦᠭᠡ ᠪᠠᠨ ᠤᠯᠢᠭᠲᠠᠢ ᠰᠠᠶᠢᠬᠠᠨ ᠶᠠᠷᠢᠵᠤ ᠴᠢᠳᠠᠬᠤ ᠦᠭᠡᠢ ᠶᠤᠮ ᠴᠢᠨᠢ᠂ ᠨᠤᠮ ᠤᠩᠰᠢᠭᠠᠳ ᠨᠡᠩ ᠤᠶᠢᠯᠠᠭᠠᠬᠤ ᠳᠤ ᠬᠦᠴᠢᠷ ᠪᠤᠯᠤᠭᠰᠠᠨ︾ ᠭᠡᠵᠦ ᠪᠡᠶ᠎ᠡ ᠪᠠᠨ ᠦᠮᠦᠭᠡᠷᠡᠨ ᠶᠠᠷᠢᠯ᠎ᠠ᠃ ᠪᠠᠭᠰᠢ ᠮᠢᠨᠢ ᠡᠶᠡᠯᠳᠡᠭ ᠢᠶᠠᠷ᠄ ︽ᠬᠡᠦᠬᠡᠨ ᠮᠢᠨᠢ᠂ ᠪᠠᠭᠰᠢ ᠨᠢ ᠡᠳᠦᠢ ᠬᠦᠷᠦᠭᠡᠳ ᠪᠠᠰᠠ ᠵᠠᠷᠢᠮ ᠨᠤᠲᠤᠭ ᠤᠨ ᠤᠨᠴᠠᠯᠢᠭ ᠲᠠᠢ ᠨᠤᠮ ᠢ  ᠤᠩᠰᠢᠬᠤ ᠳᠤ ᠤᠶᠢᠯᠠᠭᠠᠬᠤ ᠦᠭᠡᠢ ᠦᠭᠡ ᠭᠠᠷᠤᠭᠠᠳ ᠪᠠᠶᠢᠨ᠎ᠠ ᠰᠢᠦ᠂ ᠭᠡᠲᠡᠯ᠎ᠡ ︿ᠳᠠᠳᠬᠠᠯ﹀ ᠭᠡᠳᠡᠭ ᠶᠠᠭᠤᠮ᠎ᠠ ᠶᠢ ᠪᠤᠢ ᠪᠤᠯᠭᠠᠴᠢᠬᠠᠪᠠᠯ ᠬᠡᠵᠢᠶ᠎ᠡ ᠨᠢᠭᠡᠨ ᠡᠳᠦᠷ ᠯᠠᠪᠲᠠᠢ ᠤᠩᠰᠢᠭᠰᠠᠨ ᠢᠶᠠᠨ ᠤᠯᠠᠩᠬᠢ ᠶᠢ ᠨᠢ ᠤᠶᠢᠯᠠᠭᠠᠬᠤ ᠪᠠᠶᠢᠯᠭᠦᠢ᠂ ᠶᠡᠬᠡᠩᠬᠢ ᠶᠢ ᠨᠢ ᠤᠶᠢᠯᠠᠭᠠᠵᠤ ᠳᠡᠶᠢᠯᠪᠡᠯ ᠪᠠᠰᠠ ᠶᠡᠭᠡ ᠤᠯᠠᠨ ᠶᠠᠭᠤᠮ᠎ᠠ ᠮᠡᠳᠡᠵᠦ ᠴᠢᠳᠠᠨ᠎ᠠ᠃ ᠤᠳᠤ ᠪᠢᠳᠡᠨ ᠳᠤ ᠴᠤᠬᠠᠭᠳᠠᠵᠤ ᠪᠠᠶᠢᠭ᠎ᠠ ᠨᠢ ᠮᠦᠨ ᠡᠨᠡ ︿ᠳᠠᠳᠬᠠᠯ﹀ ᠰᠢᠦ︕ ᠨᠤᠮ ᠤᠩᠰᠢᠬᠤ ᠦᠭᠡᠢ ᠪᠠᠷ ᠲᠡᠷᠡ ᠭᠠᠷ ᠤᠲᠠᠰᠤ ᠶᠢ ᠡᠳᠦᠷ ᠪᠦᠷᠢ ᠨᠢᠳᠦᠨ ᠠᠴᠠ ᠪᠠᠨ ᠰᠠᠯᠭᠠᠬᠤ ᠦᠭᠡᠢ ᠪᠠᠷ ᠶᠠᠮᠠᠷ ᠯᠠ ᠤᠯᠠᠨ ᠶᠠᠭᠤᠮ᠎ᠠ ᠮᠡᠳᠡᠵᠦ ᠳᠡᠶᠢᠯᠬᠦ ᠪᠤᠢ︾ ᠭᠡᠯ᠎ᠡ᠃ ᠪᠠᠭᠰᠢ ᠶᠢᠨ ᠦᠭᠡ ᠶᠢ ᠰᠤᠨᠤᠰᠤᠭᠠᠳ ᠡᠨᠡ ᠮᠤᠩᠭᠤᠯ ᠨᠠᠰᠤᠲᠠᠨ ᠤ ᠰᠠᠶ᠋ᠢ ᠶᠢᠨ ᠭᠤᠨᠢᠭᠯᠠᠯᠲᠤ ᠬᠠᠷᠠᠴᠠ ᠨᠢ ᠦᠪᠡᠷ ᠤᠨ ᠵᠤᠭᠤᠰ ᠤᠯᠵᠤ ᠳᠡᠶᠢᠯᠬᠦ ᠦᠭᠡᠢ ᠳᠤ ᠪᠠᠨ ᠵᠤᠪᠠᠭᠰᠠᠨ ᠪᠢᠰᠢ᠂ ᠬᠠᠷᠢᠨ ᠮᠤᠩᠭᠤᠯ ᠪᠠᠭᠠᠴᠤᠳ ᠬᠡᠦᠬᠡᠳ᠂ ᠴᠢᠨᠠᠭᠰᠢᠯᠠᠪᠠᠯ ᠮᠤᠩᠭᠤᠯ ᠤᠨ ᠢᠷᠡᠭᠡᠳᠦᠢ ᠶᠢᠨ ᠲᠦᠯᠦᠭᠡ ᠰᠠᠭᠠᠰᠢᠷᠠᠵᠤ ᠪᠠᠶᠢᠨ᠎ᠠ ᠭᠡᠰᠡᠨ ᠢ ᠮᠡᠳᠡᠵᠦ᠂ ᠤᠳᠤᠬᠠᠨ ᠤ ᠦᠪᠡᠷ ᠤᠨ ᠪᠡᠶ᠎ᠡ ᠪᠠᠨ ᠵᠦᠪᠲᠡᠭᠡᠨ ᠬᠡᠯᠡᠭᠰᠡᠨ ᠦᠭᠡᠨ ᠳᠤ ᠪᠠᠨ ᠢᠴᠢᠵᠦ ᠨᠢᠭᠤᠷ ᠨᠢᠯ ᠤᠯᠠᠶᠢᠬᠤ ᠰᠢᠭ᠋ ᠪᠤᠯᠤᠯ᠎ᠠ᠃ ᠲᠡᠶᠢᠮᠦ ᠡ᠂ ᠤᠩᠰᠢᠵᠤ ᠯᠠ ᠪᠠᠶᠢᠳᠠᠭ ᠶᠤᠮ ᠪᠤᠯ ᠠᠯᠢ ᠡᠳᠦᠷ ᠤᠶᠢᠯᠠᠭᠠᠬᠤ ᠪᠠᠶᠢᠯᠭᠦᠢ᠂ ᠤᠩᠰᠢᠬᠤ ᠳᠠᠳᠬᠠᠯ ᠦᠭᠡᠢ ᠪᠤᠯ ᠨᠤᠮ ᠳᠡᠭᠡᠷᠡᠬᠢ ᠲᠡᠷᠡ ᠤᠯᠠᠨ ᠰᠤᠨᠢᠨ ᠰᠡᠬᠡᠭᠦᠨ ᠵᠦᠢᠯ ᠢ ᠶᠠᠭᠠᠬᠢᠨ ᠮᠡᠳᠡᠬᠦ ᠪᠢᠯᠡ᠃ ᠡᠨᠡ ᠦᠶᠡᠰ ᠪᠢ ᠰᠠᠶ᠋ᠢ ᠰᠤᠷᠤᠭᠴᠢᠳ ᠲᠤ ᠪᠠᠨ ︽ᠨᠤᠮ ᠢᠯᠡᠬᠦᠦ ᠤᠩᠰᠢ︾ ᠭᠡᠵᠦ ᠬᠡᠳᠦ ᠬᠡᠯᠡᠬᠦ ᠎ ᠳᠤ ᠲᠡᠳᠡᠨ ᠤ ᠤᠶᠢᠰᠢᠶᠠᠬᠤ ᠦᠭᠡᠢ ᠪᠠᠶᠢᠬᠤ ᠶᠢ ᠦᠵᠡᠭᠡᠳ ᠠᠬᠢᠨ ᠳᠠᠬᠢᠨ ᠴᠢᠩᠭ᠎ᠠ ᠱᠠᠭᠠᠷᠳᠠᠭᠰᠠᠨ ᠦᠭᠡᠢ ᠮᠢᠨᠢ ᠶᠡᠭᠡ ᠪᠤᠷᠤᠭᠤ᠂ ᠡᠨᠡ ᠨᠢᠭᠡᠨ ᠳᠠᠳᠬᠠᠯ ᠢ ᠪᠤᠢ ᠪᠤᠯᠭᠠᠬᠤ ᠡᠬᠦᠷᠭᠡ ᠪᠠᠭᠰᠢ ᠪᠤᠯᠤᠭᠰᠠᠨ ᠪᠢᠳᠡᠨ ᠳᠤ ᠪᠠᠶᠢᠨ᠎ᠠ ᠭᠡᠰᠡᠨ ᠢᠶᠠᠨ ᠮᠡᠳᠡᠯ᠎ᠡ᠃ ᠨᠢᠭᠡᠨ ᠡᠳᠦᠷ ᠪᠢ ᠰᠦᠯᠵᠢᠶᠡᠨ ᠠᠴᠠ ᠨᠢᠭᠡ ᠶᠡᠭᠡ ᠱᠤᠭᠲᠠᠢ ᠮᠡᠳᠡᠭᠡᠯᠡᠯ ᠦᠵᠡᠯ᠎ᠡ᠃ ᠳᠡᠯᠡᠬᠡᠢ ᠳᠡᠭᠡᠷ᠎ᠡ ᠬᠤᠶᠠᠷ ᠤᠯᠤᠰ ᠤᠨ ᠬᠦᠮᠦᠰ ᠨᠤᠮ ᠤᠩᠰᠢᠬᠤ ᠬᠠᠮᠤᠭ ᠳᠤᠷᠠᠲᠠᠢ ᠪᠠᠶᠢᠳᠠᠭ᠃ ᠨᠢᠭᠡ ᠨᠢ ᠰᠢᠷᠢᠶ᠎ᠠ ᠤᠯᠤᠰ᠂ ᠨᠢᠭᠡ ᠨᠢ ᠢᠰᠷᠧᠯ ᠤᠯᠤᠰ ᠪᠤᠯᠤᠨ᠎ᠠ᠃ ᠢᠰᠷᠧᠯ ᠤᠯᠤᠰ ᠤᠨ ᠨᠢᠭᠡ ᠬᠦᠮᠦᠨ ᠵᠢᠯ ᠪᠦᠷᠢ ᠳᠤᠮᠳᠠᠴᠢ ᠪᠠᠷ 64 ᠨᠤᠮ ᠤᠩᠰᠢᠵᠤ᠂ ᠡᠭᠦᠨ ᠳᠤ  ᠪᠦᠬᠦ ᠤᠯᠤᠰ ᠤᠨ 80%᠎ ᠠᠴᠠ ᠳᠡᠭᠡᠭᠰᠢ ᠲᠤᠭ᠎ᠠ ᠶᠢ ᠡᠵᠡᠯᠡᠵᠦ ᠪᠠᠶᠢᠭ᠎ᠠ ᠢᠪᠷᠠᠶᠢᠴᠤᠳ ᠳᠤᠮᠳᠠᠴᠢ ᠪᠠᠷ ᠵᠢᠯ ᠪᠦᠷᠢ 68 ᠨᠤᠮ ᠤᠩᠰᠢᠳᠠᠭ᠃ ᠢᠪᠷᠠᠶᠢᠴᠤᠳ ᠲᠤ ᠪᠢᠴᠢᠭ ᠮᠡᠳᠡᠳᠡᠭ ᠬᠦᠮᠦᠨ ᠦᠭᠡᠢ᠂ ᠵᠡᠭᠡᠯᠢ ᠳᠡᠭᠡᠷᠡᠬᠢ ᠭᠤᠶᠢᠷᠠᠨᠴᠢ ᠨᠢ ᠬᠦᠷᠲᠡᠯ᠎ᠡ ᠬᠠᠵᠠᠭᠤ ᠳᠤ ᠪᠠᠨ ᠡᠳᠦᠷ ᠪᠦᠷᠢ ᠶᠢᠨ ᠤᠩᠰᠢᠬᠤ ᠴᠢᠬᠤᠯᠠ ᠲᠠᠢ ᠨᠤᠮ ᠢᠶᠠᠨ ᠲᠠᠯᠪᠢᠵᠤ ᠪᠠᠶᠢᠳᠠᠭ ᠭᠡᠵᠦ ᠪᠠᠶᠢᠯ᠎ᠠ᠃ ᠶᠠᠭ ᠡᠶᠢᠮᠦ ᠠᠴᠠ ᠢᠪᠷᠠᠶᠢᠴᠤᠳ ᠨᠢ ᠳᠡᠯᠡᠬᠡᠢ ᠳᠡᠭᠡᠷᠡᠬᠢ ᠬᠠᠮᠤᠭ ᠤᠨ ᠰᠡᠴᠡᠨ ᠰᠡᠷᠭᠦᠯᠡᠩ ᠬᠦᠮᠦᠨ ᠪᠤᠯᠤᠭᠰᠠᠨ᠃ ᠭᠡᠲᠡᠯ᠎ᠡ ᠳᠤᠮᠳᠠᠳᠤ ᠤᠯᠤᠰ ᠤᠨ ᠬᠦᠮᠦᠨ ᠳᠤᠮᠳᠠᠴᠢ ᠪᠠᠷ ᠵᠢᠯ ᠪᠦᠷᠢ ᠰᠠᠶ᠋ᠢ 4 ᠨᠤᠮ ᠤᠩᠰᠢᠳᠠᠭ ᠭᠡᠰᠡᠨ ᠢ ᠦᠵᠡᠭᠡᠳ ᠮᠢᠨᠦ ᠮᠦᠷᠦᠨ ᠳᠡᠭᠡᠷᠡᠬᠢ ᠡᠭᠦᠷᠭᠡ ᠬᠡᠳᠦᠢ ᠬᠦᠨᠳᠦ ᠪᠠᠶᠢᠬᠤ ᠭᠡᠰᠡᠨ ᠢᠶᠠᠨ ᠭᠡᠨᠡᠳᠲᠡ ᠰᠡᠷᠡᠯ᠎ᠡ᠃      ᠲᠡᠭᠡᠪᠡᠯ ᠴᠤᠬᠤᠮ ᠶᠠᠭᠠᠬᠢᠪᠠᠯ ᠰᠠᠶ᠋ᠢ ᠦᠪᠡᠷ ᠤᠨ ᠢᠶᠠᠨ᠂ ᠰᠤᠷᠤᠭᠴᠢᠳ ᠤᠨ ᠢᠶᠠᠨ ᠨᠤᠮ ᠤᠩᠰᠢᠬᠤ ᠳᠠᠳᠬᠠᠯ ᠢ ᠪᠤᠢ ᠪᠤᠯᠭᠠᠵᠦ ᠴᠢᠳᠠᠬᠤ ᠪᠤᠢ︖ ᠡᠨᠡ ᠎ ᠨᠢ ᠮᠢᠨᠦ ᠨᠢᠳᠦᠨ ᠡᠮᠦᠨᠡᠬᠢ ᠬᠦᠴᠢᠷ ᠠᠰᠠᠭᠤᠳᠠᠯ ᠪᠤᠯᠤᠯ᠎ᠠ᠃ ᠤᠴᠢᠷ ᠨᠢ ᠪᠠᠭᠰᠢ ᠪᠤᠯᠤᠭᠰᠠᠨ ᠪᠢᠳᠡ ᠴᠦ ᠲᠡᠷᠡ ᠳᠤᠮᠳᠠᠴᠢ ᠪᠠᠷ ᠵᠢᠯ ᠳᠤ ᠲᠦᠷᠪᠡᠬᠡᠨ ᠨᠤᠮ ᠤᠩᠰᠢᠳᠠᠭ ᠤᠨ ᠨᠢᠭᠡ ᠨᠢ ᠶᠤᠮ᠃      ᠨᠢᠭᠡ᠂ ᠨᠤᠮ ᠤᠩᠰᠢᠬᠤ ᠳᠠᠳᠬᠠᠯ ᠢ ᠪᠤᠢ ᠪᠤᠯᠭᠠᠬᠤ      ᠶᠠᠭᠤᠨ ᠤ ᠤᠷᠢᠳ ᠪᠢᠳᠡ ᠦᠪᠡᠷ ᠢᠶᠠᠨ ᠨᠤᠮ ᠤᠩᠰᠢᠬᠤ ᠳᠠᠳᠬᠠᠯ ᠲᠠᠢ ᠪᠤᠯᠠᠬᠤ ᠬᠡᠷᠡᠭᠲᠡᠢ᠃ ᠢᠩᠬᠢᠮᠡᠨᠵᠢᠨ ᠪᠢᠳᠡ ᠰᠠᠶ᠋ᠢ ᠬᠡᠦᠬᠡᠳ ᠤᠳ ᠲᠤ ᠳᠠᠭᠤᠷᠢᠶᠠᠯ ᠪᠤᠯᠵᠤ ᠴᠢᠳᠠᠨ᠎ᠠ᠃ ᠮᠢᠨᠦ ᠤᠩᠰᠢᠭᠰᠠᠨ ᠨᠤᠮ ᠴᠦᠭᠡᠨ ᠪᠤᠯᠪᠠᠴᠤ ᠤᠩᠰᠢᠬᠤ ᠨᠤᠮ ᠨᠡᠯᠢᠶᠡᠳ ᠪᠠᠶᠢᠳᠠᠭ᠂ ᠪᠢ ᠦᠪᠡᠷ ᠢ ᠪᠠᠨ ᠤᠳᠤ ᠤᠩᠰᠢᠬᠤ ᠦᠭᠡᠢ ᠴᠦ ᠬᠦᠭᠰᠢᠷᠡᠭᠡᠳ ᠠᠵᠢᠯ ᠠᠴᠠ ᠪᠠᠨ ᠪᠠᠭᠤᠭᠰᠠᠨ ᠬᠤᠶᠢᠨ᠎ᠠ ᠴᠠᠭ ᠢ ᠤᠩᠭᠡᠷᠡᠭᠡᠬᠦ ᠳᠤ ᠪᠠᠨ ᠤᠩᠰᠢᠬᠤ ᠪᠠᠶᠢᠯᠭᠦᠢ ᠭᠡᠵᠦ ᠪᠡᠶ᠎ᠡ ᠪᠠᠨ ᠢᠳᠬᠠᠵᠤ᠂ ᠳᠤᠷᠠᠲᠠᠢ ᠨᠤᠮ ᠦᠵᠡᠪᠡᠯ ᠬᠤᠳᠠᠯᠳᠤᠨ ᠠᠪᠴᠤ ᠬᠤᠷᠭᠤᠨ ᠤ ᠮᠤᠬᠤᠷ ᠲᠤ ᠬᠤᠷᠢᠶᠠᠳᠠᠭ᠃ ᠲᠡᠭᠡᠬᠦᠯᠡᠷ ᠪᠢ ᠪᠡᠶ᠎ᠡ ᠪᠠᠨ ᠱᠠᠭᠠᠷᠳᠠᠵᠤ᠂ ᠬᠤᠷᠢᠶᠠᠭᠰᠠᠨ ᠨᠤᠮ ᠢᠶᠠᠨ ᠭᠠᠷᠭᠠᠵᠤ ᠤᠩᠰᠢᠵᠤ ᠡᠬᠢᠯᠡᠯ᠎ᠡ᠃ ᠦᠪᠡᠷ ᠢᠶᠠᠨ ᠭᠠᠳᠠᠭᠠᠳᠦ ᠶᠢᠨ ᠤᠷᠠᠨ ᠵᠤᠬᠢᠶᠠᠯ ᠤᠨ ᠲᠤᠬᠠᠢ ᠰᠤᠷᠤᠭᠰᠠᠨ ᠪᠤᠯᠬᠤᠷ ᠲᠡᠭᠦᠨ ᠳᠤ ᠪᠠᠭ᠋ᠠᠲᠠᠢ᠃ ᠠᠪᠤᠭᠰᠠᠨ ᠨᠤᠮ ᠮᠢᠨᠢ ᠴᠦ ᠤᠯᠠᠩᠬᠢ ᠨᠢ ᠭᠠᠳᠠᠭᠠᠳᠤ ᠶᠢᠨ ᠠᠯᠳᠠᠷᠳᠤ ᠤᠷᠠᠨ ᠵᠤᠬᠢᠶᠠᠯᠴᠢᠳ ᠤᠨ ᠪᠦᠲᠦᠭᠡᠯ ᠶᠤᠮ᠃ ᠨᠢᠭᠡ ᠶᠢ ᠨᠢ ᠭᠠᠷᠭᠠᠵᠤ ᠤᠩᠰᠢᠬᠤ ᠳᠤ ᠡᠬᠢᠯᠡᠩᠭᠦᠳᠡ ᠤᠯᠠᠨ ᠨᠡᠷᠡᠰ ᠢ ᠎ ᠨᠢ ᠴᠡᠭᠡᠵᠢᠯᠡᠵᠦ ᠪᠠᠶᠢᠭᠠᠳ ᠬᠤᠳᠬᠤᠯᠳᠠᠳᠠᠭ ᠪᠠᠶᠢᠯ᠎ᠠ᠃ ᠭᠡᠪᠡᠴᠦ ᠪᠡᠶ᠎ᠡ ᠪᠠᠨ ᠱᠠᠭᠠᠷᠳᠠᠨ ᠤᠩᠰᠢᠭᠰᠠᠭᠠᠷ ᠪᠠᠶᠢᠭᠠᠳ ᠵᠤᠬᠢᠶᠠᠯ ᠤᠨ ᠳᠤᠮᠳᠠ ᠬᠦᠷᠬᠦ ᠳᠤ ᠦᠪᠡᠷ ᠤᠨ ᠡᠷᠬᠡ ᠦᠭᠡᠢ ᠨᠤᠮ ᠢᠶᠠᠨ ᠪᠠᠷᠢᠵᠤ᠂ ᠳᠠᠷᠠᠭᠠᠴᠢ ᠶᠢᠨ ᠡᠭᠦᠰᠬᠦ ᠶᠠᠪᠤᠳᠠᠯ ᠢ ᠰᠤᠨᠢᠭᠤᠴᠢᠯᠠᠨ ᠤᠩᠰᠢᠵᠤ᠂ ᠶᠠᠭ ᠯᠠ ᠺᠤᠷᠢᠶᠠ ᠤᠯᠤᠰ ᠤᠨ ᠺᠢᠨᠤ᠋ ᠶᠢ ᠦᠵᠡᠭᠰᠡᠨ ᠰᠢᠭ ᠰᠠᠯᠵᠤ ᠴᠢᠳᠠᠬᠤ ᠦᠭᠡᠢ ᠪᠤᠯᠵᠤ᠂ ᠦᠵᠡᠵᠦ ᠪᠠᠷᠤᠮᠠᠨᠵᠢᠨ ᠰᠠᠶ᠋ᠢ ᠰᠠᠨᠠᠭ᠎ᠠ ᠬᠠᠨᠤᠳᠠᠭ ᠪᠤᠯᠤᠯ᠎ᠠ᠃ ᠡᠨᠡ ᠪᠠᠶᠢᠳᠠᠯ ᠢᠶᠠᠨ ᠦᠵᠡᠭᠡᠳ ᠪᠢ ᠦᠪᠡᠷ ᠢᠶᠠᠨ ᠳᠠᠭᠤᠷᠢᠶᠠᠯ ᠪᠤᠯᠬᠤ ᠠᠴᠠ ᠭᠠᠳᠠᠨ᠎ᠠ ᠬᠡᠦᠬᠡᠳ ᠤᠳ ᠲᠤ ᠴᠦ ᠲᠡᠳᠡᠨ ᠤ ᠤᠩᠰᠢᠬᠤ ᠪᠠᠭ᠋ᠠᠲᠠᠢ ᠨᠤᠮ ᠢ ᠡᠷᠢᠵᠦ ᠤᠩᠰᠢᠭᠤᠯᠪᠠᠯ ᠰᠠᠶ᠋ᠢ ᠪᠠᠬ᠎ᠠ ᠲᠠᠢ ᠪᠤᠯᠭᠠᠵᠤ ᠴᠢᠳᠠᠬᠤ ᠶᠤᠮ ᠪᠠᠶᠢᠨ᠎ᠠ ᠭᠡᠵᠦ ᠤᠶᠢᠯᠠᠭᠠᠯ᠎ᠠ᠃      ᠬᠤᠶᠠᠷ᠂ ᠨᠤᠮ ᠤᠩᠰᠢᠬᠤ ᠶᠢᠨ ᠴᠢᠬᠤᠯᠠ ᠴᠢᠨᠠᠷ ᠢ ᠮᠡᠳᠡᠬᠦ      ᠤᠯᠠᠩᠬᠢ ᠲᠤᠮᠤ ᠬᠦᠮᠦᠰ ᠨᠤᠮ ᠤᠩᠰᠢᠬᠤ ᠶᠢᠨ ᠴᠢᠬᠤᠯᠠ ᠴᠢᠨᠠᠷ ᠢ ᠪᠦᠷ ᠮᠡᠳᠡᠨ᠎ᠡ᠂ ᠭᠡᠬᠦ ᠳᠤ ᠡᠨᠡ ᠬᠦ ᠶᠤᠰᠤ ᠶᠢ ᠪᠠᠰᠠ ᠬᠡᠦᠬᠡᠳ ᠤᠳ ᠲᠤ ᠮᠡᠳᠡᠭᠦᠯᠬᠦ ᠬᠡᠷᠡᠭᠲᠡᠢ᠃ ᠢᠪᠷᠠᠶᠢᠴᠤᠳ ᠤᠨ ᠡᠬᠡᠴᠤᠤᠯ ᠦᠪᠡᠷ ᠤᠨ ᠬᠡᠦᠬᠡᠳ ᠢᠶᠠᠨ ᠨᠢᠯᠬ᠎ᠠ ᠪᠠᠭ᠎ᠠ ᠪᠠᠶᠢᠬᠤ ᠳᠤ ᠨᠢ ︽ᠠᠷᠢᠭᠤᠨ ᠨᠤᠮ︾᠎ ᠢ ᠤᠩᠰᠢᠨ ᠦᠭᠴᠦ᠂ ᠪᠠᠭ᠎ᠠ ᠠᠴᠠ ᠎ ᠨᠢ᠄ ︽ᠬᠡᠷᠪᠡ ᠭᠡᠷ ᠲᠤ ᠭᠠᠯ ᠭᠠᠷᠪᠠᠯ ᠶᠠᠭᠤ ᠪᠠᠨ ᠠᠪᠴᠤ ᠭᠦᠶᠦᠬᠦ ᠪᠤᠢ︖︾ ᠭᠡᠵᠦ ᠠᠰᠠᠭᠤᠬᠤ ᠳᠤ ᠬᠡᠷᠪᠡ ᠬᠡᠦᠬᠡᠳ ᠨᠢ ᠵᠤᠭᠤᠰ ᠪᠤᠶᠤ ᠦᠭᠡᠷ᠎ᠡ ᠪᠤᠳᠠᠰ ᠢ ᠭᠡᠵᠦ ᠬᠡᠯᠡᠬᠦ ᠳᠤ ︽ᠶᠠᠭᠤᠨ ᠤ ᠤᠷᠢᠳ ᠨᠤᠮ ᠢᠶᠠᠨ ᠠᠪᠴᠤ ᠳᠤᠲᠠᠭ᠎ᠠ︾ ᠭᠡᠵᠦ ᠰᠤᠷᠭᠠᠳᠠᠭ ᠭᠡᠵᠦ ᠪᠠᠶᠢᠯ᠎ᠠ᠃ ᠬᠡᠷᠪᠡ ᠳᠤᠮᠳᠠᠳᠤ ᠶᠢᠨ ᠡᠬᠡᠴᠤᠤᠯ ᠪᠠᠶᠢᠭᠰᠠᠨ ᠪᠤᠯ ᠶᠠᠭᠤ ᠭᠡᠵᠦ ᠰᠤᠷᠭᠠᠬᠤ ᠪᠤᠯ︖ ᠬᠡᠷᠪᠡ ᠪᠢᠳᠡ ᠪᠠᠶᠢᠭᠰᠠᠨ ᠪᠤᠯ ᠶᠠᠭᠤ ᠭᠡᠵᠦ ᠰᠤᠷᠭᠠᠬᠤ ᠪᠤᠯ︖ ︽ᠨᠤᠮ ᠢᠶᠠᠨ ᠠᠪ︾ ᠭᠡᠳᠡᠭ ᠨᠢ ᠲᠦᠢᠯ ᠤᠨ ᠴᠦᠭᠡᠨ ᠪᠠᠶᠢᠬ᠎ᠠ᠃ ᠲᠡᠭᠡᠪᠡᠯ ᠨᠤᠮ ᠢᠯᠡᠬᠦᠦ ᠤᠩᠰᠢᠬᠤ ᠨᠢ ᠴᠤᠬᠤᠮ ᠶᠠᠮᠠᠷ ᠠᠰᠢᠭᠲᠠᠢ ᠪᠤᠢ︖ ᠨᠤᠮ ᠤᠩᠰᠢᠬᠤ ᠶᠢᠨ ᠬᠠᠮᠤᠭ ᠤᠨ ᠰᠠᠶᠢᠨ ᠠᠰᠢᠭ ᠨᠢ ᠬᠦᠮᠦᠨ ᠤ ᠪᠡᠶ᠎ᠡ ᠰᠡᠳᠬᠢᠴᠡ ᠶᠢᠨ ᠡᠷᠡᠭᠦᠯ ᠢ ᠰᠠᠶᠢᠵᠢᠷᠠᠭᠤᠯᠵᠤ᠂ ᠤᠯᠠᠨ ᠠᠷᠪᠢᠨ ᠮᠡᠳᠡᠯᠭᠡ ᠡᠵᠡᠮᠰᠢᠵᠤ᠂ ᠦᠪᠡᠷ ᠤᠨ ᠬᠠᠷᠠᠭ᠎ᠠ ᠪᠠᠨ ᠨᠡᠭᠡᠭᠡᠭᠳᠡᠭᠦᠯᠦᠨ᠎ᠡ᠃ ᠴᠢᠨᠠᠭᠰᠢᠯᠠᠪᠠᠯ ᠨᠤᠮ ᠳᠤᠲᠤᠷᠠᠬᠢ ᠮᠡᠳᠡᠯᠭᠡ ᠪᠢᠳᠡᠨ ᠳᠤ ᠠᠮᠢᠳᠤᠷᠠᠯ ᠤᠨ ᠵᠦᠪ ᠵᠠᠮ ᠢ ᠰᠤᠩᠭᠤᠨ ᠦᠭᠴᠦ᠂ ᠬᠦᠮᠦᠨ ᠲᠠᠢ ᠬᠠᠷᠢᠯᠴᠠᠬᠤ ᠠᠷᠭ᠎ᠠ ᠶᠢ ᠵᠢᠭᠠᠨ᠂ ᠬᠦᠴᠢᠷ ᠲᠤᠯᠭᠠᠷᠠᠬᠤ ᠦᠶᠡᠰ ᠲᠡᠭᠦᠨ ᠠᠴᠠ ᠵᠦᠪ ᠢᠶᠠᠷ ᠰᠢᠢᠳᠪᠦᠷᠢᠯᠡᠬᠦ ᠠᠷᠭ᠎ᠠ ᠶᠢ ᠰᠡᠲᠦᠵᠦ ᠳᠡᠶᠢᠯᠦᠨ᠎ᠡ᠃ ᠨᠤᠮ ᠤᠩᠰᠢᠬᠤ ᠳᠤ ᠪᠠᠨ ᠪᠢᠳᠡ ᠦᠨᠦᠳᠦᠷ ᠤᠩᠰᠢᠭᠠᠳ ᠮᠠᠷᠭᠠᠰᠢ ᠬᠠᠶᠠᠵᠤ ᠪᠤᠯᠬᠤ ᠦᠭᠡᠢ᠂ ᠬᠠᠷᠢᠨ ᠦᠷᠭᠦᠯᠵᠢ ᠤᠩᠰᠢᠨ ᠴᠠᠭ ᠢᠮᠠᠭᠲᠠ ᠦᠪᠡᠷ ᠤᠨ ᠪᠡᠶ᠎ᠡ ᠳᠤ ᠪᠠᠨ ︽ᠡᠨᠧᠷᠬᠢ︾ ᠨᠡᠮᠡᠬᠦ ᠬᠡᠷᠡᠭᠲᠡᠢ᠃ ᠡᠳᠡᠭᠡᠷ ᠶᠤᠰᠤ ᠶᠢ ᠠᠬᠠᠮᠠᠳ ᠪᠤᠶᠤ ᠪᠠᠭᠰᠢ ᠪᠤᠯᠤᠭᠰᠠᠨ ᠪᠢᠳᠡ ᠯᠠ ᠬᠡᠦᠬᠡᠳ ᠤᠳ ᠲᠤ ᠪᠠᠨ ᠬᠡᠯᠡᠵᠦ ᠰᠤᠷᠭᠠᠬᠤ ᠠᠴᠠ ᠪᠢᠰᠢ ᠪᠢᠴᠢᠬᠠᠨ ᠨᠦᠭᠦᠳ ᠤᠳ ᠦᠪᠡᠷ ᠢᠶᠠᠨ ᠶᠠᠭᠠᠬᠢᠭᠰᠠᠨ ᠮᠡᠳᠡᠵᠦ ᠤᠶᠢᠯᠠᠭᠠᠵᠤ ᠳᠡᠶᠢᠯᠬᠦ ᠪᠢᠯᠡ︕      ᠭᠤᠷᠪᠠ᠂ ᠰᠠᠶᠢᠨ ᠨᠤᠮ ᠤᠩᠰᠢᠬᠤ ᠪᠦᠭᠡᠳ ᠬᠤᠷᠳᠤᠴᠠ ᠲᠠᠢ ᠤᠩᠰᠢᠬᠤ      ᠨᠤᠮ ᠤᠩᠰᠢᠬᠤ ᠳᠤ ᠪᠢᠳᠡ ᠳᠤᠷ᠎ᠠ ᠪᠠᠬ᠎ᠠ ᠠᠴᠠ ᠡᠬᠢᠯᠡᠳᠡᠭ᠃ ᠨᠢᠭᠡ ᠰᠠᠶᠢᠨ ᠨᠤᠮ ᠤᠩᠰᠢᠵᠤ ᠳᠠᠭᠤᠰᠤᠭᠰᠠᠨ ᠤ ᠬᠤᠶᠢᠨ᠎ᠠ ᠪᠢᠳᠡᠨ ᠤ ᠰᠡᠳᠬᠢᠯ ᠶᠡᠭᠡ ᠬᠠᠨᠤᠮᠵᠢᠲᠠᠢ ᠪᠠᠶᠢᠳᠠᠭ᠃ ᠤᠩᠰᠢᠬᠤ ᠳᠤ ᠪᠠᠨ ᠡᠷᠬᠡᠪᠰᠢ ᠰᠠᠶᠢᠨ ᠨᠤᠮ ᠤᠩᠰᠢᠬᠤ ᠬᠡᠷᠡᠭᠲᠡᠢ᠃ ᠳᠠᠷᠠᠭ᠎ᠠ ᠨᠢ ᠪᠢᠳᠡ ᠨᠤᠮ ᠤᠩᠰᠢᠬᠤ ᠰᠠᠶᠢᠨ ᠠᠷᠭ᠎ᠠ ᠰᠦᠪᠡᠭᠴᠢᠯᠡᠬᠦ ᠬᠡᠷᠡᠭᠲᠡᠢ᠃ ᠬᠡᠷᠪᠡ ᠤᠩᠰᠢᠬᠤ ᠠᠷᠭ᠎ᠠ ᠨᠢ ᠵᠦᠪ ᠪᠤᠰᠤ ᠪᠤᠯ ᠶᠠᠪᠤᠬᠤ ᠲᠤᠲᠤᠮ ᠪᠠᠬ᠎ᠠ ᠪᠠᠨ ᠠᠯᠳᠠᠵᠤ᠂ ᠴᠢᠨᠠᠭᠰᠢᠯᠠᠪᠠᠯ ᠨᠤᠮ ᠤᠩᠰᠢᠬᠤ ᠠᠴᠠ ᠪᠠᠨ ᠵᠢᠭᠰᠢᠬᠦ ᠪᠠᠶᠢᠳᠠᠯ ᠢᠯᠡᠷᠡᠨ᠎ᠡ᠃ ᠤᠯᠠᠨ ᠬᠦᠮᠦᠰ ᠨᠤᠮ ᠤᠩᠰᠢᠬᠤ ᠴᠠᠭ ᠦᠭᠡᠢ ᠪᠤᠶᠤ ᠨᠤᠮ ᠤᠩᠰᠢᠬᠤ ᠦᠷ᠎ᠡ ᠪᠦᠲᠦᠮᠵᠢ ᠪᠠᠷ ᠠᠨᠠᠢ ᠪᠠᠶᠢᠳᠠᠭ᠃ ︽ᠬᠤᠷᠳᠤᠴᠠ ᠎ ᠲᠠᠢ ᠤᠩᠰᠢᠬᠤ︾ ᠪᠤᠯ ᠨᠢᠭᠡ ᠵᠦᠢᠯ ᠤᠨ ᠰᠢᠨᠵᠢᠯᠡᠬᠦ ᠤᠬᠠᠭᠠᠨᠴᠢ ᠠᠷᠭ᠎ᠠ ᠶᠤᠮ᠃ ᠡᠨᠡ ᠠᠷᠭ᠎ᠠ ᠶᠢ ᠪᠢ ᠰᠦᠯᠵᠢᠶᠡᠨ ᠳᠡᠭᠡᠷ᠎ᠡ ᠠᠴᠠ ᠤᠯᠵᠤ ᠦᠵᠡᠭᠰᠡᠨ᠃ ᠲᠡᠷᠡ ᠎ ᠨᠢ ᠪᠢᠳᠡᠨ ᠤ ᠨᠢᠳᠦᠯᠡᠨ  ᠤᠩᠰᠢᠵᠤ ᠤᠶᠢᠯᠠᠭᠠᠬᠤ ᠴᠢᠬᠤᠯᠠᠲᠠᠢ ᠪᠢᠴᠢᠭ ᠮᠠᠲ᠋ᠧᠷᠢᠶᠠᠯ ᠢ ᠰᠢᠭᠤᠳ ᠲᠠᠷᠢᠬᠢᠨ ᠵᠦᠭ ᠤᠳᠬᠠᠴᠢᠯᠠᠨ ᠬᠤᠪᠢᠷᠠᠭᠤᠯᠳᠠᠭ᠃ ᠦᠭᠡᠷ᠎ᠡ ᠪᠠᠷ ᠬᠡᠯᠡᠪᠡᠯ ᠨᠢᠳᠦᠨ ᠠᠴᠠ ᠲᠠᠷᠢᠬᠢᠨ ᠳᠤ ᠰᠢᠭᠤᠳ ᠰᠡᠲᠡᠯᠲᠡ ᠦᠭᠴᠦ᠂ ᠲᠦᠢᠯ ᠤᠨ ᠬᠤᠷᠳᠤᠨ ᠢᠶᠠᠷ ᠤᠩᠰᠢᠭᠤ ᠶᠢᠨ ᠢᠶᠠᠨ ᠭᠤᠤᠯ ᠶᠢ ᠨᠢ ᠠᠳᠬᠤᠨ ᠰᠠᠨᠠᠭ᠎ᠠ ᠶᠢ ᠤᠶᠢᠯᠠᠭᠠᠵᠤ ᠴᠢᠳᠠᠨ᠎ᠠ ᠭᠡᠵᠦ ᠲᠠᠨᠢᠯᠴᠠᠭᠤᠯᠵᠤ ᠪᠠᠶᠢᠯ᠎ᠠ᠃ ᠬᠡᠷᠪᠡ ᠢᠩᠬᠢᠵᠤ ᠤᠩᠰᠢᠬᠤ ᠠᠷᠭ᠎ᠠ ᠶᠢ ᠪᠢᠳᠡ ᠦᠪᠡᠷ ᠢᠶᠠᠨ ᠰᠤᠷᠤᠯᠴᠠᠭᠠᠳ ᠴᠢᠨᠠᠭᠰᠢ ᠰᠤᠷᠤᠭᠴᠢᠳ ᠎ ᠲᠤ ᠪᠠᠨ ᠮᠡᠳᠡᠭᠦᠯᠵᠦ ᠴᠢᠳᠠᠪᠠᠯ ᠶᠡᠷᠦ ᠳᠤ ᠪᠠᠨ ᠬᠡᠳᠦᠨ ᠡᠳᠦᠷ ᠤᠩᠰᠢᠳᠠᠭ ᠨᠤᠮ ᠢ ᠬᠡᠳᠦᠨ ᠴᠠᠭ ᠳᠤᠲᠤᠷ᠎ᠠ ᠯᠠ ᠤᠩᠰᠢᠵᠤ ᠪᠠᠷᠠᠵᠤ ᠳᠡᠶᠢᠯᠦᠨ᠎ᠡ᠃ ᠢᠩᠭᠢᠪᠡᠯ ᠪᠢᠳᠡᠨ ᠤ ᠤᠩᠰᠢᠬᠤ ᠳᠤᠷ᠎ᠠ ᠪᠠᠬ᠎ᠠ ᠨᠡᠮᠡᠭᠳᠡᠨ᠂ ᠤᠩᠰᠢᠯᠭ᠎ᠠ ᠶᠢᠨ ᠦᠷ᠎ᠡ ᠪᠦᠲᠦᠮᠵᠢ ᠨᠢ ᠴᠦ ᠰᠠᠶᠢᠵᠢᠷᠠᠵᠤ᠂ ᠤᠶᠢᠯᠠᠭᠠᠬᠤ ᠴᠢᠳᠠᠪᠤᠷᠢ ᠨᠢ ᠪᠠᠰᠠ ᠮᠠᠰᠢ ᠲᠦᠷᠭᠡᠨ ᠢᠶᠠᠷ ᠳᠡᠭᠡᠭᠰᠢᠯᠡᠵᠦ ᠴᠢᠳᠠᠨ᠎ᠠ᠃      ᠨᠤᠮ ᠤᠩᠰᠢᠬᠤ ᠳᠠᠳᠬᠠᠯ ᠲᠠᠢ ᠪᠤᠯᠤᠶ᠎ᠠ ᠪᠢᠳᠡ ᠪᠦᠭᠦᠳᠡᠭᠡᠷ︕ ᠨᠤᠮ ᠤᠩᠰᠢᠬᠤ ᠨᠢ ᠪᠢᠳᠡᠨ ᠳᠤ ᠬᠤᠤᠷᠲᠤ ᠲᠠᠯ᠎ᠠ ᠶᠡᠷᠦ ᠠᠴᠠ ᠪᠠᠶᠢᠳᠠᠭ ᠦᠭᠡᠢ᠃ ᠨᠤᠮ ᠤᠩᠰᠢᠬᠤ ᠳᠠᠳᠬᠠᠯ ᠲᠠᠢ ᠪᠤᠯᠴᠢᠬᠠᠪᠠᠯ ᠪᠢᠳᠡ ᠠᠮᠢᠳᠤᠷᠠᠯ ᠤᠨ ᠢᠶᠠᠨ ᠠᠯᠢᠪᠠ ᠬᠦᠴᠢᠷ ᠶᠠᠪᠤᠳᠠᠯ ᠠᠴᠠ ᠵᠠᠶᠢᠯᠠᠰᠬᠢᠬᠤ ︽ᠵᠢᠷᠭᠠᠯ ᠤᠨ ᠭᠡᠷ ᠤᠷᠤᠨ︾᠎ ᠲᠠᠢ ᠪᠤᠯᠤᠭᠰᠠᠨ ᠲᠠᠢ ᠠᠳᠠᠯᠢ᠃ ᠪᠠᠭᠰᠢ᠂ ᠰᠤᠷᠤᠭᠴᠢ᠂ ᠭᠡᠷ ᠤᠨ ᠠᠬᠠᠮᠠᠳ ᠁ ᠬᠡᠨ ᠴᠦ ᠭᠡᠰᠡᠨ ᠡᠶᠢᠮᠦ ᠰᠠᠶᠢᠬᠠᠨ ᠳᠠᠳᠬᠠᠯ ᠲᠠᠢ ᠪᠤᠯᠵᠤ ᠴᠢᠳᠠᠨ᠎ᠠ᠃ ᠪᠢᠳᠡᠨ ᠎ ᠳᠤ ᠬᠠᠮᠤᠭ ᠠᠴᠠ ᠳᠤᠲᠠᠭᠳᠠᠵᠤ ᠪᠠᠶᠢᠭ᠎ᠠ ᠪᠤᠯ ᠡᠨᠡ ᠨᠢᠭᠡᠨ ᠳᠠᠳᠬᠠᠯ ᠢᠶᠠᠨ ᠪᠠᠷᠢᠮᠲᠠᠯᠠᠬᠤ ᠶᠠᠪᠤᠳᠠᠯ ᠪᠤᠯᠤᠨ᠎ᠠ᠃ ᠪᠢᠳᠡ ᠪᠦᠭᠦᠳᠡᠭᠡᠷ ᠢᠶᠠᠨ ᠠᠮᠢᠳᠤᠷᠠᠯ ᠤᠨ ᠢᠶᠠᠨ ᠬᠦᠴᠢᠷ ᠢ ᠳᠤᠭᠤᠯᠬᠤ ᠶᠢᠨ ᠲᠤᠰᠠᠳᠠ᠂ ᠦᠪᠡᠷ ᠤᠨ ᠢᠶᠠᠨ ᠮᠡᠳᠡᠯᠭᠡ ᠰᠤᠷᠳᠠᠯ ᠢᠶᠠᠨ ᠤᠯᠠᠮ ᠳᠡᠭᠡᠭᠰᠢᠯᠡᠭᠦᠯᠬᠦ ᠶᠢᠨ ᠲᠤᠰᠠᠳᠠ᠂ ᠦᠪᠡᠷ ᠤᠨ ᠢᠶᠠᠨ ᠬᠠᠷᠠᠴᠠ ᠪᠠᠨ ᠦᠷᠭᠡᠳᠭᠡᠬᠦ ᠶᠢᠨ ᠲᠤᠰᠠᠳᠠ᠂ ᠴᠢᠨᠠᠭᠰᠢᠯᠠᠪᠠᠯ ᠦᠨᠳᠦᠰᠦᠲᠡᠨ ᠤ ᠪᠠᠨ ᠢᠷᠡᠭᠡᠳᠦᠢ ᠶᠢᠨ ᠲᠤᠰᠠᠳᠠ ᠦᠪᠡᠷ ᠢ ᠪᠠᠨ ᠴᠢᠩᠭ᠎ᠠ ᠱᠠᠭᠠᠷᠳᠠᠵᠤ᠂ ᠦᠷᠭᠦᠯᠵᠢᠳᠡ ᠨᠤᠮ ᠤᠩᠰᠢᠬᠤ ᠳᠠᠳᠬᠠᠯ ᠲᠠᠢ ᠪᠤᠯᠬᠤ ᠪᠠᠷ ᠴᠢᠷᠮᠠᠶᠢᠵᠠᠭᠠᠶ᠎ᠠ︕             ᠡᠵᠡᠨ ᠬᠤᠷᠤᠭ᠎ᠠ ᠬᠤᠰᠢᠭᠤᠨ ᠤ ᠮᠣᠩᠭᠤᠯ ᠪᠠᠭ᠎ᠠ ᠰᠤᠷᠭᠠᠭᠤᠯᠢ ᠶᠢᠨ ᠤᠶᠠᠬᠠᠨ          
ᠢᠷᠡᠯᠲᠡ᠄ ᠲᠤᠰ ᠰᠦᠯᠵᠢᠶ᠎ᠡ