ᠮᠡᠯᠮᠡᠷᠡᠨ ᠬᠠᠶᠢᠯᠬᠤ ᠮᠢᠨᠦ ᠬᠠᠶᠢᠷ᠎ᠠ | ᠭᠠᠯᠳᠠᠳ᠂ ᠭᠤᠷᠪᠠ | ᠠᠲᠠᠷ ᠤᠨ ᠴᠡᠴᠡᠭ ᠢ ᠢᠴᠢᠭᠡᠮᠡᠷ | ᠠᠷᠢᠭᠤᠨ ᠲᠠᠭᠢᠨᠢᠰ ᠤᠨ ᠭᠠᠯᠪᠢᠷ ᠲᠠᠢ | ᠠᠪᠤ ᠶᠢᠨ ᠴᠡᠪᠡᠷᠭᠡᠨ ᠦᠬᠢᠨ ᠲᠠᠨ ᠢ ᠪᠠᠨ | ᠠᠯᠠᠭ ᠵᠢᠷᠦᠭᠡ ᠪᠠᠨ ᠤᠨᠠᠭᠠᠵᠤ ᠬᠠᠶᠢᠷᠠᠯᠠᠵᠤ ᠶᠠᠪᠤᠭᠰᠠᠨ ᠶᠤᠮ᠃ | ᠠᠷ ᠬᠠᠶᠠᠯᠠᠨ ᠲᠤᠯᠭᠢᠰᠬᠤ | ᠠᠯᠲᠠᠨ ᠨᠤᠲᠤᠭ ᠤᠨ ᠲᠦᠯᠭᠡᠭᠡᠨ ᠨᠠᠭᠤᠷ ᠰᠢᠤᠬᠠᠨ | ᠠᠪᠤᠷᠢ ᠠᠭᠠᠰᠢ ᠵᠠᠩ ᠳᠤ ᠴᠢᠨᠢ | ᠠᠰ ᠪᠡᠶ᠎ᠡ ᠮᠢᠨᠢ ᠦᠢᠴᠢᠵᠤ ᠬᠠᠶᠢᠷᠠᠯᠠᠵᠤ ᠶᠠᠪᠤᠭᠰᠠᠨ ᠶᠤᠮ᠃ | ᠡᠭᠡᠷᠡᠮ᠎ᠠ ᠲᠠᠯ᠎ᠠ ᠶᠢᠨ ᠦᠷᠦᠴᠡᠨ ᠠᠴᠠ | ᠡᠷᠪᠡᠭᠡᠢ ᠰᠢᠤᠬᠠᠨ ᠲᠡᠷᠪᠡᠵᠤ ᠭᠠᠷᠤᠭᠰᠠᠨ | ᠡᠭᠡᠯᠢᠲᠠᠢ ᠮᠤᠩᠭᠤᠯ ᠡᠵᠢ ᠶᠢᠨ ᠦᠬᠢᠨ ᠲᠠᠨ ᠢ ᠪᠠᠨ | ᠡᠯᠢᠭᠡ ᠵᠢᠷᠦᠭᠡᠨ ᠳᠡᠭᠡᠨ ᠬᠠᠶᠢᠷᠠᠯᠠᠵᠤ ᠶᠠᠪᠤᠭᠰᠠᠨ ᠶᠤᠮ᠃ | ᠡᠪᠤᠷ ᠲᠤᠯᠠᠭᠠᠬᠠᠨ ᠡᠬᠡ ᠤᠷᠤᠨ ᠤ ᠮᠢᠨᠢ | ᠡᠩᠭᠦᠷᠠᠢ ᠬᠦᠭᠡᠷᠦᠬᠦᠨ ᠲᠦᠯ ᠨᠢ ᠪᠤᠯᠤᠭᠰᠠᠨ | ᠡᠷᠡᠨ ᠵᠠᠭᠤᠨ ᠤ ᠪᠤᠯᠪᠠᠷᠠᠢ ᠦᠬᠢᠨ ᠲᠠᠨ ᠢ ᠪᠠᠨ | ᠡᠨᠡ ᠪᠡᠶ᠎ᠡ ᠲᠠᠢ ᠪᠠᠨ ᠠᠳᠠᠯᠢᠬᠠᠨ ᠬᠠᠶᠢᠷᠠᠯᠠᠵᠤ ᠶᠠᠪᠤᠭᠰᠠᠨ ᠶᠤᠮ᠃ | ᠢᠬᠢᠷ᠎ᠡ ᠨᠠᠭᠤᠷ ᠤᠨ ᠬᠦᠪᠡᠭᠡᠨ ᠠᠴᠠ | ᠢᠪᠡᠭᠡᠯ ᠬᠡᠢ ᠮᠤᠷᠢ ᠬᠤᠤᠰᠯᠠᠵᠤ ᠲᠦᠷᠦᠭᠰᠡᠨ | ᠢᠵᠢᠯᠬᠡᠨ ᠡᠵᠢ ᠶᠢᠨ ᠰᠡᠳᠭᠡᠯ ᠲᠠᠢ | ᠢᠯᠭᠤᠮ ᠬᠦᠭᠡᠷᠦᠭᠦᠨ ᠦᠬᠢᠨ ᠲᠠᠨ ᠢᠶᠠᠨ ᠬᠠᠶᠢᠷᠠᠯᠠᠵᠤ ᠶᠠᠪᠤᠭᠰᠠᠨ ᠶᠤᠮ᠃ | ᠢᠷᠠᠰ ᠢᠷᠠᠰ ᠮᠦᠰᠢᠶᠡᠨ ᠬᠦᠪᠦᠯᠵᠡᠭᠦ | ᠢᠷᠮᠡᠭ ᠬᠦᠪᠡᠭᠡ ᠦᠭᠡᠢ ᠡᠭᠦᠯᠡᠰ ᠤᠨ | ᠢᠯᠳᠠᠮᠬᠠᠨ ᠲᠦᠷᠭᠦ ᠶᠢ ᠠᠪᠴᠤ ᠲᠦᠷᠦᠭᠰᠡᠨ | ᠢᠯᠭᠤᠭᠰᠠᠨ ᠵᠢᠪᠬᠤᠭᠠᠲᠤ ᠦᠬᠢᠨ ᠲᠠᠨ ᠢ ᠬᠠᠶᠢᠷᠠᠯᠠᠵᠤ ᠶᠠᠪᠤᠭᠰᠠᠨ ᠶᠤᠮ᠃ | ᠤᠷᠴᠢᠯᠠᠩ ᠤᠨ ᠲᠠᠩᠨᠠᠢ ᠳᠤ ᠰᠠᠴᠤᠨ ᠠᠨᠢᠪᠴᠢᠬᠤ | ᠤᠲᠤᠨ ᠮᠡᠴᠢᠳ ᠤᠨ ᠬᠢᠯᠪᠠᠭ᠎ᠠ ᠰᠢᠤᠬᠠᠨ | ᠤᠶᠤᠨ ᠮᠡᠳᠡᠷᠡᠯ ᠤᠨ ᠮᠢᠨᠢ ᠲᠤᠯᠭ᠎ᠠ ᠶᠢ ᠠᠰᠬᠠᠭᠰᠠᠨ | ᠤᠭ᠍ᠶᠤ ᠰᠤᠪᠤᠳ ᠰᠢᠤᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠤᠮᠤᠭᠰᠢᠯ ᠪᠠᠭ᠋ᠠᠷᠬᠠᠯ ᠬᠤᠷᠤᠶᠢᠯᠠᠭᠰᠠᠨ | ᠤᠯᠪᠠᠭ᠎ᠠ ᠲᠡᠤᠬᠡᠲᠤ ᠨᠤᠲᠤᠭ ᠤᠨ ᠮᠢᠨᠢ | ᠤᠴᠢ ᠨᠢ ᠪᠤᠯᠵᠤ ᠪᠠᠳᠠᠷᠠᠨ ᠲᠡᠯᠭᠡᠷᠡᠭᠰᠡᠨ | ᠤᠢ ᠪᠢᠯᠢᠭ ᠬᠤᠷᠴᠠᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠤᠰᠬᠠᠯ ᠲᠤᠩᠭᠠᠯᠠᠭ ᠮᠦᠷᠡᠨ ᠤ ᠪᠠᠨ | ᠤᠬᠠᠭ᠎ᠠ ᠶᠢ ᠨᠢ ᠦᠪᠯᠡᠵᠤ ᠲᠦᠷᠦᠭᠰᠡᠨ | ᠤᠴᠢᠷ ᠦᠭᠡᠢ ᠭᠤᠶᠤᠬᠠᠨ ᠲᠠᠨ ᠢ ᠪᠠᠨ | ᠤᠴᠠᠷᠠᠵᠤ ᠪᠠᠶᠢᠭᠠᠳ ᠬᠠᠶᠢᠷᠠᠯᠠᠭᠰᠠᠨ ᠶᠤᠮ᠃ | ᠤᠷᠭ᠎ᠠ ᠶᠢᠨ ᠦᠵᠦᠭᠦᠷ ᠨᠠᠭᠢᠯᠵᠠᠭᠤᠯᠤᠨ ᠮᠤᠷᠲᠠᠬᠤ | ᠤᠷᠭᠤᠬᠤ ᠨᠠᠷᠠᠨ ᠰᠢᠤᠬᠠᠨ ᠤᠭᠰᠠᠭᠠᠨ ᠤ ᠮᠢᠨᠢ | ᠤᠬᠭᠠᠷᠠᠯ ᠭᠡᠭᠡᠷᠡᠯ ᠤᠨ ᠵᠠᠯᠭᠠᠮᠵᠢ ᠪᠤᠯᠤᠭᠰᠠᠨ | ᠤᠯᠠᠭᠠᠨ ᠰᠠᠷᠠᠯᠠᠩ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠦᠷᠯᠦᠭᠡ ᠶᠢᠨ ᠰᠢᠬᠦᠳᠡᠷᠢ ᠶᠢᠨ ᠪᠤᠯᠤᠷ ᠮᠦᠬᠦᠯᠢᠭ ᠰᠢᠤᠬᠠᠨ | ᠦᠪᠴᠢ ᠪᠡᠶ᠎ᠡ ᠲᠤᠨᠤᠯᠵᠠᠨ ᠮᠡᠯᠲᠡᠭᠡᠨᠡᠭᠦ | ᠦᠭᠭᠢᠶᠡᠮᠦᠷ ᠠᠷᠢᠭᠤᠬᠠᠨ ᠰᠡᠳᠭᠡᠯ ᠲᠠᠢ ᠲᠠᠨ ᠢ ᠪᠠᠨ | ᠦᠭᠡᠷ᠎ᠡ ᠦᠭᠡᠢ ᠰᠡᠳᠭᠡᠯ ᠢᠶᠠᠷ ᠬᠠᠶᠢᠷᠠᠯᠠᠵᠤ ᠶᠠᠪᠤᠭᠰᠠᠨ ᠶᠤᠮ᠃ | ᠦᠨᠲᠡᠭᠡᠨ ᠬᠠᠴᠠᠷ ᠤᠨ ᠢᠶᠠᠨ ᠲᠤᠯᠢᠨ ᠳᠠᠭᠠᠨ | ᠦᠪ ᠰᠤᠶᠤᠯ ᠤᠨ ᠲᠤᠶᠠᠭ᠎ᠠ ᠲᠠᠲᠠᠭᠤᠯᠤᠭᠰᠠᠨ | ᠦᠯᠦᠭᠡᠢ ᠪᠤᠯᠤᠭᠰᠠᠨ ᠨᠤᠲᠤᠭ ᠤᠨ ᠮᠢᠨᠢ | ᠦᠡᠭᠭᠡᠲᠤ ᠴᠡᠴᠡᠭ ᠪᠤᠯᠤᠭᠰᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠦᠵᠦᠭᠦᠷ ᠨᠢ ᠬᠠᠷᠠᠭᠳᠠᠬᠤ ᠦᠭᠡᠢ ᠲᠡᠭᠷᠢ ᠶᠢᠨ ᠬᠢᠵᠠᠭᠠᠷ ᠤᠨ | ᠦᠰᠦᠷᠴᠤ ᠨᠡᠭᠦᠬᠦ ᠡᠭᠦᠯᠡᠨ ᠰᠡᠵᠢᠬᠦᠷ ᠠᠴᠠ | ᠦᠡᠭᠭᠡ ᠵᠢᠰᠦ ᠪᠠᠨ ᠰᠤᠩᠭᠤᠨ ᠲᠦᠷᠦᠭᠰᠡᠨ | ᠦᠵᠡᠮᠵᠢ ᠲᠡᠭᠦᠰ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠦᠨᠢᠶ᠎ᠡ ᠲᠤᠭᠤᠯ ᠤᠨ ᠢᠪᠡᠯᠭᠡᠨ ᠤ | ᠦᠮᠴᠢᠷᠬᠡᠨ ᠵᠦᠭᠡᠯᠡᠨ ᠵᠡᠯᠡᠯᠭᠡᠨ ᠠᠴᠠ | ᠦᠯᠢᠭᠡᠷ ᠲᠤᠤᠯᠢᠰ ᠪᠠᠨ ᠰᠤᠶᠤᠷᠬᠠᠵᠤ ᠠᠪᠤᠭᠰᠠᠨ | ᠦᠵᠡᠰᠭᠦᠯᠡᠩ ᠭᠤᠸ᠎ᠠ ᠦᠬᠢᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠠᠮᠤᠷ ᠤᠨ ᠰᠢᠪᠠᠭᠤᠳ ᠨᠡᠭᠦᠳᠡᠯᠯᠡᠨ ᠰᠤᠪᠤᠷᠠᠬᠤ | ᠨᠠᠷᠠᠨ ᠲᠠᠯ᠎ᠠ ᠶᠢᠨ ᠮᠢᠨᠢ ᠨᠡᠭᠦᠳᠡᠯᠴᠢ ᠤᠭᠰᠠᠭ᠎ᠠ | ᠨᠠᠰᠤ ᠪᠠᠨ ᠰᠤᠴᠢᠭᠠᠵᠤ ᠠᠯᠳᠠᠷ ᠢᠶᠠᠨ ᠭᠠᠶᠢᠬᠠᠭᠤᠯᠤᠭᠰᠠᠨ | ᠨᠠᠯᠠᠭᠠᠷ ᠲᠠᠯ᠎ᠠ ᠰᠢᠤᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠠᠮ᠎ᠠ ᠶᠢ ᠲᠦᠷᠦᠬᠦᠯᠦᠭᠰᠡᠨ ᠮᠤᠩᠭᠤᠯ ᠡᠵᠢ ᠶᠢᠨ | ᠨᠠᠨᠲᠢᠨ ᠰᠤᠷᠲᠠᠯ ᠤᠨ ᠮᠦᠡᠭᠬᠡ ᠶᠢᠨ ᠰᠠᠭᠢᠭᠤᠰᠤ | ᠨᠠᠶᠢᠵᠠ ᠨᠦᠬᠦᠳ ᠲᠠᠢ ᠪᠠᠨ ᠡᠶᠡᠰᠴᠤ ᠶᠠᠪᠤᠭᠰᠠᠨ | ᠨᠠᠰᠤᠨ ᠤ ᠬᠠᠨᠢ ᠪᠠᠨ ᠭᠡᠵᠤ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠡᠷ᠎ᠡ ᠪᠠᠨ ᠬᠡᠯᠡᠭᠦ ᠦᠭᠡᠢ ᠴᠦ ᠬᠡᠰᠡᠨ | ᠨᠡᠭᠡᠭᠡᠭᠰᠡᠨ ᠪᠤᠲᠤᠯ ᠢ ᠴᠢᠨᠢ ᠤᠬᠠᠭᠠᠷᠠᠵᠤ ᠰᠡᠳᠭᠢᠭᠰᠡᠨ | ᠨᠡᠷᠡᠭᠦᠢ ᠠᠮᠢᠲᠤᠷᠠᠯ ᠤᠨ ᠪᠡᠷᠭᠡ ᠳᠤ ᠪᠦᠬᠡᠰᠢᠵᠤ ᠶᠠᠪᠤᠭᠰᠠᠨ | ᠨᠡᠷᠡᠮᠡᠯ ᠠᠴᠠ ᠠᠮᠲᠠᠲᠠᠶᠢᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠡᠮᠡᠭᠦᠨ ᠲᠤᠭᠲᠠᠭᠤᠨ ᠰᠦᠨᠢ ᠶᠢᠨ ᠬᠦᠨ ᠳᠠᠬᠢ | ᠨᠡᠶᠢᠴᠡᠯ ᠵᠤᠬᠢᠴᠠᠯ ᠤᠨ ᠨᠠᠶᠢᠷᠠᠭ ᠡᠰᠭᠡᠭᠰᠡᠨ | ᠨᠡᠯᠦᠭᠡᠷ ᠠᠭᠤᠲᠠᠮ ᠪᠤᠲᠤᠯ ᠤᠨ ᠤᠶᠠᠭᠠᠰᠤ ᠲᠠᠢ | ᠨᠡᠭᠡᠯ ᠬᠠᠲᠠᠭᠤ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠢᠩᠵᠢᠨ ᠰᠡᠳᠭᠡᠯ ᠤᠨ ᠤᠯᠠᠭᠠᠨ ᠤᠴᠢ ᠪᠠᠷ | ᠨᠢᠮᠭᠡᠨ ᠵᠤᠵᠠᠭᠠᠨ ᠢ ᠬᠠᠶᠢᠯᠠᠭᠤᠯᠤᠨ ᠤᠶᠠᠰᠬᠠᠨ | ᠨᠢᠭᠡ ᠦᠭᠡᠢ ᠪᠤᠲᠤᠯ ᠢᠶᠠᠨ ᠡᠷᠭᠦᠵᠤ ᠬᠠᠨᠠᠶᠢᠭᠰᠠᠨ | ᠨᠢᠭᠡᠨ ᠦᠬᠢᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠢᠷᠤᠭᠤᠨ ᠮᠤᠩᠭᠤᠯ ᠤᠨ ᠲᠠᠯ᠎ᠠ ᠠᠴᠠ | ᠨᠢᠭᠤᠯ ᠦᠭᠡᠢ ᠲᠤᠯᠠᠶᠢᠵᠤ ᠬᠡᠷᠡᠯᠲᠦᠭᠰᠡᠨ | ᠨᠢᠯᠴᠢᠭᠢᠨᠡᠮᠡ ᠬᠠᠯᠠᠭᠤᠨ ᠤᠷᠠᠢ ᠬᠠᠰᠭᠢᠷᠤᠯ ᠤᠨ ᠰᠤᠷᠪᠤᠯᠵᠢ | ᠨᠢᠲᠦᠨ ᠠᠯᠠᠭ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠤᠮᠤᠬᠠᠨ ᠪᠤᠯᠪᠠᠷᠠᠢ ᠠᠪᠤᠷᠢ ᠳᠠᠭᠠᠨ | ᠨᠤᠶᠢᠲᠠᠨ ᠬᠠᠭᠤᠷᠠᠢ ᠶᠢ ᠪᠠᠭᠳᠠᠭᠠᠵᠤ ᠶᠠᠪᠤᠭᠰᠠᠨ | ᠨᠤᠶᠢᠷ ᠠᠴᠠ ᠪᠠᠨ ᠰᠡᠷᠢᠭᠰᠡᠨ ᠴᠡᠯᠮᠡᠭᠦᠨ ᠲᠠᠯ᠎ᠠ ᠰᠢᠤᠬᠠᠨ | ᠨᠤᠮᠧᠷ ᠤᠨ ᠠᠩᠬᠠᠨ ᠤ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠤᠮᠢᠨ ᠲᠠᠯ᠎ᠠ ᠶᠢᠨ ᠲᠡᠨᠵᠢᠨ ᠤ | ᠨᠤᠭᠤᠭᠠᠨ ᠠᠴᠠ ᠢᠯᠭᠠᠷᠠᠬᠤ ᠴᠡᠴᠡᠭ | ᠨᠤᠤᠰᠤᠨ ᠬᠦᠷᠮᠡᠨ ᠤ ᠨᠢᠯ ᠬᠠᠯᠠᠭᠤᠨ ᠢᠶᠠᠷ | ᠨᠤᠮᠤᠢ ᠨᠠᠳᠠ ᠪᠠᠨ ᠲᠤᠯᠠᠭᠠᠴᠠᠭᠤᠯᠤᠭᠰᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠤᠭᠤᠰᠤ ᠭᠠᠯᠠᠭᠤ ᠲᠡᠷᠪᠡᠵᠤ ᠨᠤᠤᠭᠢᠭᠰᠠᠨ | ᠨᠤᠲᠤᠭ ᠤᠨ ᠨᠠᠭᠤᠷ ᠤᠨ ᠪᠠᠭ᠋ᠠᠲᠤᠯ ᠪᠤᠯᠤᠭᠰᠠᠨ | ᠨᠤᠭᠤ ᠶᠢᠨ ᠰᠤᠷᠭᠤᠭ ᠠᠯᠠᠭ ᠴᠡᠴᠡᠭ ᠰᠢᠤᠬᠠᠨ | ᠨᠤᠭᠤᠨ ᠭᠤᠸ᠎ᠠ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠤᠮᠤᠨ ᠬᠦᠪᠴᠢ ᠲᠡᠷᠭᠡᠯᠰᠢᠭᠦᠯᠵᠤ ᠶᠠᠪᠤᠭᠰᠠᠨ | ᠨᠤᠲᠠ ᠲᠡᠤᠬᠡ ᠶᠢᠨ ᠬᠦᠬᠡ ᠢᠮ ᠢᠶᠠᠷ | ᠨᠤᠷᠮᠠᠨ ᠭᠠᠯ ᠤᠨ ᠲᠦᠯᠦ ᠶᠢ ᠠᠰᠬᠠᠵᠤ ᠶᠠᠪᠤᠭᠰᠠᠨ | ᠨᠤᠷᠮᠠᠭᠠᠷ ᠪᠤᠰᠤ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠦᠬᠦᠵᠤ ᠪᠢᠴᠢᠬᠦ ᠠᠯᠲᠠᠨ ᠰᠤᠶᠤᠯ ᠢᠶᠠᠨ | ᠨᠦᠬᠦᠳ ᠤᠯᠠᠨ ᠲᠠᠢ ᠪᠠᠨ ᠬᠤᠷᠴᠠᠯᠠᠵᠤ ᠶᠠᠪᠤᠭᠰᠠᠨ | ᠨᠦᠬᠦᠭᠡᠳᠦᠷ ᠮᠠᠷᠭᠠᠰᠢ ᠳᠤ ᠨᠠᠶᠢᠳᠠᠯ ᠦᠭᠡᠢ | ᠨᠦᠮᠦᠭᠡᠨ ᠵᠢᠷᠦᠭᠡᠨ ᠳᠡᠭᠡᠨ ᠬᠠᠳᠠᠭᠠᠯᠠᠭᠰᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠦᠬᠦᠷᠰᠡᠭ ᠬᠠᠯᠠᠭᠤᠨ ᠨᠠᠶᠢᠷ ᠢᠶᠠᠷ ᠢᠶᠠᠨ | ᠨᠦᠬᠦᠷᠯᠡᠯ ᠤᠨ ᠪᠠᠲᠤ ᠶᠢ ᠵᠢᠷᠤᠭᠯᠠᠭᠰᠠᠨ | ᠨᠦᠭᠡᠴᠡ ᠬᠠᠳᠠᠭᠠᠯᠠᠯ ᠢᠶᠠᠨ ᠬᠠᠷᠠᠮᠨᠠᠯ ᠦᠭᠡᠢ | ᠨᠦᠬᠦᠷᠲᠠᠢ ᠶᠠᠪᠤᠳᠠᠭ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠦᠮᠵᠦᠭ ᠰᠡᠳᠭᠡᠯ ᠤᠨ ᠲᠤᠯᠲᠤ ᠳᠠᠭᠠᠨ | ᠨᠦᠷ᠎ᠡ ᠵᠦᠭᠡᠯᠡᠨ ᠬᠠᠶᠢᠷ᠎ᠠ ᠪᠠᠨ ᠪᠢᠯᠬᠠᠭᠤᠯᠵᠤ | ᠨᠦᠭᠡᠷᠰᠦ ᠮᠤᠲᠤᠨ ᠤ ᠵᠤᠷᠢᠭ ᠢᠶᠠᠷ ᠢᠶᠠᠨ | ᠨᠦᠰᠡᠷ ᠬᠦᠨᠲᠦ ᠶᠢ ᠲᠠᠭᠠᠭᠠᠵᠤ ᠶᠠᠪᠤᠬᠤ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠨᠦᠵᠢᠶᠠᠩ ᠮᠦᠷᠡᠨ ᠤ ᠲᠤᠷᠪᠢᠲᠤ ᠲᠠᠪᠠᠯᠭᠠᠨ | ᠨᠦᠷᠢᠨ ᠴᠤᠭᠢᠯᠠᠨ ᠡᠷᠭᠢ ᠲᠡᠯᠡᠰᠬᠦ | ᠨᠦᠰᠡᠷ ᠬᠠᠲᠠᠭᠤ ᠮᠤᠩᠭᠤᠯ ᠰᠢᠨᠲᠠᠰᠤ ᠲᠠᠢ | ᠨᠦᠮᠦᠷᠢ ᠲᠤᠯᠠᠭᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠠᠬ᠎ᠠ ᠤᠷᠮᠠᠰ ᠢ ᠰᠡᠷᠭᠦᠨ ᠲᠠᠲᠠᠬᠤ | ᠪᠠᠶᠠᠯᠢᠭ ᠤᠷᠤᠨ ᠤ ᠮᠢᠨᠢ ᠬᠠᠶᠢᠷᠬᠠᠨ ᠰᠢᠤᠬᠠᠨ | ᠪᠠᠷᠳᠠᠮ ᠲᠡᠬᠦᠯᠲᠡᠷ ᠮᠦᠰᠢᠶᠡᠯ ᠤᠷᠢᠭᠰᠠᠨ | ᠪᠠᠩᠵᠠᠯ ᠡᠷᠢᠶᠡᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠠᠶᠢᠭᠠᠯᠢ ᠶᠢᠷᠳᠢᠨᠴᠤ ᠪᠠᠨ ᠭᠤᠶᠤᠬᠤ | ᠪᠠᠳᠮ᠎ᠠ ᠴᠡᠴᠡᠭ ᠤᠨ ᠨᠠᠭᠢᠯᠵᠠᠭᠠᠨ ᠳᠠᠭᠠᠨ | ᠪᠠᠭᠤᠪᠴᠢ ᠵᠠᠰᠠᠯ ᠤᠨ ᠵᠢᠮᠰᠡᠭ ᠢᠶᠠᠨ ᠬᠢᠯᠠᠷᠠᠭᠤᠯᠤᠭᠰᠠᠨ | ᠪᠠᠯᠴᠢᠷ ᠨᠢᠷᠠᠶᠢᠬᠠᠨ ᠲᠦᠷᠭᠦ ᠲᠠᠢ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠡᠷᠬᠡ ᠶᠢᠨ ᠡᠯᠡᠰᠦᠨ ᠴᠦᠡᠭᠭᠦᠯ ᠠᠴᠠ | ᠪᠡᠭᠡᠷᠡᠵᠤ ᠪᠠᠶᠢᠭᠠᠳ ᠲᠡᠯᠭᠡᠷᠡᠭᠰᠡᠨ ᠬᠤᠸᠠᠷ | ᠪᠡᠭᠡ ᠪᠠᠷ ᠵᠢᠷᠤᠭᠰᠠᠨ ᠬᠤᠪᠤᠷ ᠵᠢᠷᠤᠭ ᠰᠢᠭ᠋ | ᠪᠡᠶ᠎ᠡ ᠰᠡᠳᠭᠡᠯ ᠳᠤ ᠮᠢᠨᠢ ᠠᠭᠤᠰᠤᠭᠰᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠡᠯ ᠲᠠᠭᠠᠵᠤ ᠪᠢᠯᠬᠠᠷᠠᠨ ᠪᠠᠭᠤᠬᠤ | ᠪᠡᠯᠭᠡ ᠲᠡᠭᠦᠰ ᠷᠠᠰᠢᠶᠠᠨ ᠰᠢᠤᠬᠠᠨ | ᠪᠡᠶᠡᠯᠡᠭᠦ ᠤᠴᠢᠷ ᠪᠦᠬᠦᠨ ᠢ ᠵᠦᠡᠭᠨᠡᠨ ᠢᠷᠦᠭᠡᠳᠡᠭ | ᠪᠡᠷᠢ ᠬᠦᠮᠦᠨ ᠪᠤᠯᠬᠤ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠢᠯᠢᠭᠲᠦ ᠦᠵᠦᠭ ᠪᠠᠷ ᠵᠢᠷᠤᠭᠳᠠᠭᠰᠠᠨ | ᠪᠢᠯᠢᠬᠦᠨ ᠲᠤᠩᠭᠠᠯᠠᠭ ᠲᠦᠷᠭᠦ ᠳᠤᠨᠢ | ᠪᠢᠳᠡᠭᠦᠬᠡᠨ ᠵᠤᠷᠢᠭ ᠤᠨ ᠡᠷᠴᠢ ᠰᠤᠶᠢᠭᠰᠠᠨ | ᠪᠢᠷ᠎ᠠ ᠲᠤᠲᠤᠷ᠎ᠠ ᠲᠠᠢ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠢᠷ ᠤᠨ ᠲᠤᠷᠭᠠᠨ ᠦᠵᠦᠬᠦᠷ ᠲᠤ | ᠪᠢᠨᠲᠦᠷᠢᠶᠡ ᠬᠠᠰ ᠰᠢᠤᠬᠠᠨ ᠴᠤᠯᠭᠤᠷᠠᠳᠠᠭ | ᠪᠢᠰᠢᠯᠠᠭ ᠤᠨ ᠰᠡᠩᠭᠡᠨᠡᠭᠦᠨ ᠦᠨᠦᠷ ᠲᠤ | ᠪᠢᠰᠢᠬᠦᠢ ᠶᠡᠭᠡ ᠪᠠᠷ ᠤᠶᠠᠷᠠᠳᠠᠭ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠤᠲᠤᠯ ᠤᠨ ᠤᠷᠲᠤᠬᠠᠨ ᠭᠤᠭᠴᠤᠭᠠᠨ ᠳᠠᠭᠠᠨ | ᠪᠤᠰᠤᠭ᠎ᠠ ᠰᠤᠶᠤᠯ ᠢᠶᠠᠨ ᠠᠷᠭᠠᠮᠵᠢᠵᠤ ᠶᠠᠪᠤᠭᠰᠠᠨ | ᠪᠤᠯᠵᠤᠭ᠎ᠠ ᠲᠤᠭᠢᠶᠠᠯ ᠢᠶᠠᠨ ᠰᠠᠨᠠᠭᠠᠰᠢᠷᠠᠨ ᠵᠢᠷᠤᠮᠯᠠᠳᠠᠭ | ᠪᠤᠯᠭᠤᠮᠵᠢ ᠰᠠᠶᠢᠲᠠᠢ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠤᠳᠢ ᠰᠡᠳᠭᠡᠯ ᠤᠨ ᠨᠠᠨᠳᠢᠨ ᠰᠤᠷᠲᠠᠯ ᠢᠶᠠᠷ | ᠪᠤᠲᠤᠭᠤ ᠲᠤᠭᠤᠯ ᠢᠶᠠᠨ ᠡᠨᠡᠷᠢᠨ ᠶᠠᠪᠤᠳᠠᠭ | ᠪᠤᠷᠤᠭᠵᠢᠭᠤᠨ ᠴᠠᠭᠠᠪᠤᠷ ᠬᠦᠭᠡᠷᠦᠭᠦᠢ ᠮᠠᠯᠴᠢᠨ ᠤ | ᠪᠤᠨᠲᠤᠭᠤᠷ ᠦᠬᠢᠨ ᠲᠠᠨ ᠢ ᠬᠠᠶᠢᠷᠠᠯᠠᠵᠤ ᠶᠠᠪᠤᠭᠰᠠᠨ ᠶᠤᠮ᠃ | ᠪᠤᠷᠬᠠᠨ ᠪᠠᠭᠰᠢ ᠶᠢᠨ ᠠᠷᠢᠭᠤᠨ ᠨᠤᠮᠯᠠᠯ ᠢᠶᠠᠷ | ᠪᠤᠭᠤᠷᠤᠯ ᠨᠠᠰᠤᠲᠠᠨ ᠢᠶᠠᠨ ᠠᠴᠢᠯᠠᠨ ᠬᠦᠨᠲᠦᠳᠭᠡᠳᠡᠭ | ᠪᠤᠶᠠᠨᠲᠤ ᠤᠭᠰᠠᠭᠠᠨ ᠤ ᠮᠢᠨᠢ | ᠪᠤᠷᠤᠭᠤ ᠦᠬᠡᠢ ᠦᠷᠡᠰ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠤᠭᠤ ᠰᠤᠭᠤ ᠤᠷᠤᠮᠲᠠᠨ ᠬᠠᠷᠠᠶᠢᠭᠰᠠᠨ | ᠪᠤᠯᠠᠭ ᠤᠰᠤ ᠪᠤᠷᠭᠢᠯᠵᠤ ᠪᠢᠯᠬᠠᠷᠠᠭᠰᠠᠨ | ᠪᠤᠮᠪᠠ ᠶᠢᠨ ᠰᠠᠶᠢᠬᠠᠨ ᠤᠷᠤᠨ ᠳᠤ ᠵᠠᠶᠠᠭᠠᠭᠰᠠᠨ | ᠪᠤᠯᠤᠮᠠᠷ ᠦᠬᠢᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠦᠬᠦᠬᠦ ᠵᠤᠯᠠ ᠶᠢᠨ ᠪᠦᠲᠦᠭᠦᠨ ᠭᠤᠤᠯ ᠢ | ᠪᠦᠬᠦ ᠬᠦᠴᠦ ᠪᠠᠷ ᠢᠶᠠᠨ ᠲᠤᠯᠵᠤ ᠪᠤᠰᠤᠭᠰᠠᠨ | ᠪᠦᠬᠡ ᠰᠢᠨᠳᠠᠰᠤ ᠲᠠᠢ ᠤᠬᠠᠭᠠᠯᠢᠭ ᠡᠯᠴᠢ | ᠪᠦᠰ ᠲᠡᠷᠯᠢᠭ ᠲᠠᠢ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠦᠬᠦᠡᠭ ᠬᠦᠷᠤᠭᠡᠰᠦ ᠲᠡᠭᠦᠯᠢᠨ ᠬᠠᠷᠠᠶᠢᠭᠰᠠᠨ | ᠪᠦᠭᠯᠡᠭᠦᠤ ᠠᠭᠯᠠᠭ ᠨᠢᠷᠤᠭᠤᠳ ᠤᠨ ᠬᠤᠷᠮᠤᠢ ᠠᠴᠠ | ᠪᠦᠵᠤᠩ ᠠᠯᠢᠶᠠᠬᠠᠨ ᠲᠠᠤᠯᠠᠢ ᠰᠢᠤᠬᠠᠨ | ᠪᠦᠵᠢᠭ ᠪᠦᠵᠢᠵᠤ ᠮᠦᠰᠢᠶᠡᠭᠰᠡᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠦᠤᠲᠡᠭᠡᠷ ᠰᠦᠨᠢ ᠶᠢᠨ ᠬᠡᠷᠡᠯᠲᠤ ᠤᠲᠤᠨ | ᠪᠦᠬᠡᠭᠡ ᠲᠠᠰᠤᠷᠠᠬᠤ ᠶᠢᠨ ᠤᠯᠠᠪᠢᠷ ᠲᠤᠶᠠᠭ᠎ᠠ | ᠪᠦᠬᠦᠲᠡ ᠶᠠᠰᠤᠲᠠᠨ ᠤ ᠢᠷᠡᠭᠡᠳᠦᠢ ᠶᠢᠨ ᠡᠵᠡᠨ | ᠪᠦᠰᠡᠭᠦᠢ ᠬᠦᠮᠦᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠪᠦᠷᠢᠲᠦ ᠱᠠᠩᠳᠠ ᠶᠢᠨ ᠠᠩᠭᠢᠯᠤᠮ᠎ᠠ ᠴᠡᠴᠡᠭ | ᠪᠦᠷᠦᠢ ᠠᠶᠢᠰᠦᠢ ᠶᠢᠨ ᠠᠵᠢᠯᠴᠢ ᠬᠠᠷᠢᠶᠠᠴᠠᠢ | ᠪᠦᠲᠦᠭᠡᠯᠴᠢ ᠵᠤᠷᠢᠭ ᠤᠨ ᠰᠤᠲᠤᠨ ᠵᠢᠯᠤᠭᠤᠲᠤᠭᠴᠢ | ᠪᠦᠷᠭᠡ ᠭᠡᠷ ᠤᠨ ᠰᠠᠷᠠᠨ ᠲᠠᠭᠢᠨᠢ ᠲᠠᠨ ᠢ ᠪᠠᠨ ᠬᠠᠶᠢᠷᠠᠯᠠᠵᠤ ᠶᠠᠪᠤᠭᠰᠠᠨ᠃ | ᠫᠠᠩᠰᠠ ᠲᠤᠷᠲᠤᠩ ᠢᠶᠠᠨ ᠨᠠᠭᠢᠯᠵᠠᠭᠤᠯᠤᠨ ᠪᠦᠵᠢᠬᠦ | ᠫᠸᠡᠭᠯᠠᠢ ᠠᠷᠠᠯ ᠤᠨ ᠬᠤᠪᠢᠯᠭᠠᠨᠲᠤ ᠦᠬᠢᠳ ᠰᠢᠤᠬᠠᠨ | ᠫᠠᠭᠳᠠᠭᠠᠷ ᠪᠤᠰᠤ ᠰᠤᠭᠤ ᠰᠢᠭ᠋ ᠬᠦᠭᠡᠷᠦᠭᠦᠨ | ᠫᠠᠯᠮᠠ ᠰᠤᠪᠤᠳ ᠰᠢᠭ᠋ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠠᠷ᠎ᠠ ᠮᠠᠩᠨᠠᠢ ᠶᠢᠨ ᠲᠠᠪᠤᠰᠤ ᠤᠷᠢᠭᠰᠠᠨ | ᠬᠠᠨᠭ᠍ᠬᠤᠯᠤᠮᠠ ᠰᠠᠶᠢᠬᠠᠨ ᠰᠦ ᠲᠠᠢ ᠴᠠᠢ ᠪᠠᠨ ᠰᠠᠮᠤᠷᠴᠤ | ᠬᠠᠭᠠᠯᠭ᠎ᠠ ᠲᠤᠭᠰᠢᠨ ᠮᠤᠷᠢᠯᠠᠨ ᠰᠠᠭᠠᠲᠠᠬᠤ | ᠬᠠᠮᠤᠭ ᠵᠤᠴᠢᠳ ᠢᠶᠠᠨ ᠮᠦᠰᠢᠶᠡᠨ ᠤᠭᠲᠤᠳᠠᠭ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠠᠨ ᠲᠡᠭᠷᠢ ᠶᠢᠨ ᠢᠪᠡᠭᠡᠯ ᠢᠶᠠᠷ | ᠬᠠᠶᠢᠷᠠᠲᠠᠢ ᠮᠤᠩᠭᠤᠯ ᠳᠠᠭᠠᠨ ᠵᠤᠯᠲᠠᠶᠢᠬᠠᠨ ᠵᠠᠶᠠᠭᠠᠭᠰᠠᠨ | ᠬᠠᠯᠠᠭᠤᠨ ᠲᠤᠯᠠᠭᠠᠬᠠᠨ ᠨᠢᠩᠵᠢᠨ ᠰᠡᠳᠭᠡᠯ ᠲᠠᠢ | ᠬᠠᠶᠢᠯ ᠤᠨ ᠤᠰᠤ ᠰᠢᠭ᠋ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠡᠶᠢᠮᠤᠷᠢ ᠵᠢᠪᠬᠤᠭᠠᠯᠢᠭ ᠤᠷᠤᠨ ᠤ ᠮᠢᠨᠢ | ᠬᠡᠬᠡᠨᠴᠢᠷ ᠲᠦᠷᠭᠦ ᠶᠢ ᠠᠪᠴᠤ ᠵᠠᠶᠠᠭᠠᠭᠰᠠᠨ | ᠬᠡᠬᠡᠷ᠎ᠡ ᠶᠢᠨ ᠴᠡᠴᠡᠭ ᠢ ᠢᠴᠢᠭᠡᠮᠡᠷ | ᠬᠡᠵᠢᠶᠡᠳᠡ ᠵᠠᠯᠠᠭᠤᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠡ ᠤᠭᠠᠯᠵᠠ ᠰᠢᠤᠬᠠᠨ ᠮᠤᠰᠭᠢᠯᠲᠤᠭᠰᠠᠨ | ᠬᠡᠪ ᠤᠨ ᠪᠤᠰᠤ ᠨᠤᠲᠤᠭ ᠤᠨ ᠠᠷᠢᠭᠤᠬᠠᠨ ᠮᠦᠷᠡᠨ ᠠᠴᠠ | ᠬᠡᠪᠡᠯᠢ ᠤᠷᠢᠵᠤ ᠬᠦᠮᠦᠨ ᠵᠠᠶᠠᠭ᠎ᠠ ᠲᠦᠷᠦᠭᠡᠯᠡᠭᠰᠡᠨ | ᠬᠡᠤᠬᠡᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠢᠷ᠎ᠡ ᠴᠡᠭᠡᠯ ᠤᠨ ᠱᠤᠪᠬᠤ ᠤᠷᠭᠢᠯ ᠠᠴᠠ | ᠬᠢᠷᠮᠠᠯᠠᠵᠤ ᠪᠤᠤᠷᠠᠬᠤ ᠴᠠᠰᠤᠨ ᠴᠡᠴᠡᠭᠡᠰ | ᠬᠢᠬᠤᠨᠠᠨ ᠤᠳᠬᠤ ᠲᠡᠤᠬᠡ ᠶᠢᠨ ᠭᠠᠯ ᠠᠶᠠᠨ ᠳᠤ | ᠬᠢᠴᠢᠶᠡᠮᠵᠢᠲᠡᠶᠢᠬᠡᠨ ᠬᠤᠴᠤᠷᠴᠤ ᠦᠯᠡᠳᠡᠭᠰᠡᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠢᠬᠦ ᠭᠡᠰᠡᠨ ᠠᠵᠢᠯ ᠳᠠᠭᠠᠨ | ᠬᠢᠵᠢᠶᠡᠯ ᠡᠷ᠎ᠡ ᠰᠢᠭ ᠵᠢᠳᠭᠦᠨ ᠲᠡᠮᠡᠤᠯᠡᠳᠡᠭ | ᠬᠢᠲᠡᠳ ᠮᠤᠩᠭᠤᠯ ᠳᠠᠭᠠᠨ ᠴᠠᠭᠠᠷᠠᠨ ᠲᠡᠮᠰᠢᠭᠰᠡᠨ | ᠬᠢᠷᠮᠠ ᠶᠢᠨ ᠭᠤᠤᠯ ᠮᠦᠰᠦ ᠰᠢᠤᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠤᠨᠢᠴᠢᠨ ᠠᠪᠤ ᠶᠢᠨ ᠲᠤᠯᠠᠭᠠᠬᠠᠨ ᠡᠪᠦᠷ ᠲᠤ | ᠬᠤᠪᠤᠷ ᠡᠷᠳᠡᠨᠢ ᠰᠢᠤᠬᠠᠨ ᠪᠦᠪᠡᠶᠢᠯᠡᠭᠳᠡᠨ ᠲᠤᠷᠨᠢᠭᠰᠠᠨ | ᠬᠤᠯᠠ ᠶᠢᠨ ᠬᠤᠯᠠ ᠠᠴᠠ ᠰᠡᠳᠬᠢᠯ ᠡᠵᠡᠮᠳᠡᠨ ᠠᠷᠭᠠᠮᠵᠢᠶᠠᠬᠤ | ᠬᠤᠶᠢᠯᠤᠭ ᠲᠡᠪᠲᠡᠷᠢᠬᠦ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠤᠨᠤᠭ ᠤᠨ ᠵᠤᠵᠠᠭᠠᠨ ᠳᠤ ᠪᠤᠲᠤᠯ ᠠᠴᠠ ᠭᠠᠷᠳᠠᠭ ᠦᠭᠡᠢ | ᠬᠤᠭᠤᠯᠠᠢ ᠠᠴᠠ ᠨᠢ ᠤᠶᠠᠩᠭᠠᠷᠠᠨ ᠲᠤᠨᠤᠷᠠᠬᠤ ᠠᠷᠠᠳ ᠤᠨ ᠲᠠᠭᠤᠨ | ᠬᠤᠪᠢᠨᠴᠢᠷ ᠵᠢᠷᠦᠭᠡᠨ ᠤ ᠮᠢᠨᠢ ᠦᠮᠴᠢ ᠪᠤᠯᠵᠤ | ᠬᠤᠪᠢ ᠪᠡᠶ᠎ᠡ ᠪᠠᠨ ᠮᠠᠷᠲᠠᠵᠤ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠤᠨ ᠴᠠᠭᠠᠨ ᠭᠠᠯᠠᠭᠤᠳ ᠤᠨ ᠨᠤᠷᠭᠢᠶᠠᠨ ᠠᠴᠠ | ᠬᠤᠷᠠᠨ ᠰᠠᠷᠨᠢᠬᠤ ᠡᠭᠦᠯᠡᠰ ᠢ ᠨᠡᠪᠲᠡᠯᠦᠨ | ᠬᠤᠮᠪᠢᠭᠰᠠᠨ ᠵᠢᠬᠦᠷ ᠢᠶᠠᠨ ᠲᠡᠯᠭᠡᠨ ᠲᠡᠭᠦᠯᠢᠭᠰᠡᠨ | ᠬᠤᠷᠮᠤᠰᠲᠠ ᠲᠡᠭᠷᠢ ᠶᠢᠨ ᠭᠤᠸ᠎ᠠ ᠲᠠᠭᠢᠨᠢᠰ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠤᠯᠤᠰᠤ ᠵᠡᠭᠡᠰᠦ ᠨᠠᠶᠢᠭᠤᠨ ᠬᠠᠯᠢᠭᠤᠷᠠᠭᠰᠠᠨ | ᠬᠤᠯᠤᠨᠴᠠ ᠡᠪᠦᠭᠡᠳ ᠤᠨ ᠮᠢᠨᠢ ᠬᠠᠭᠤᠴᠢᠨ ᠪᠠᠭᠤᠷᠢ ᠠᠴᠠ | ᠬᠤᠰᠤᠨ ᠲᠡᠷᠯᠢᠭ ᠤᠨ ᠡᠩᠭᠡᠷ ᠲᠡᠪᠲᠦᠭᠡᠵᠤ | ᠬᠤᠭᠤᠷ ᠤᠨ ᠦᠯᠢᠭᠡᠷ ᠰᠢᠤᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠦᠬᠡᠮᠲᠦᠭ ᠠᠭᠤᠯᠠ ᠤᠰᠤᠨ ᠤ ᠪᠠᠨ | ᠬᠦᠭᠡᠷᠦᠭᠦᠨ ᠲᠦᠷᠢ ᠶᠢ ᠠᠪᠴᠤ ᠵᠠᠶᠠᠭᠠᠭᠰᠠᠨ | ᠬᠦᠭᠡᠷᠦ ᠲᠡᠭᠵᠢᠨ ᠠᠯᠢᠶᠠᠬᠠᠨ ᠮᠦᠰᠢᠶᠡᠯ ᠢ ᠴᠢᠨᠢ | ᠬᠦᠭᠡᠭᠡᠵᠤ ᠪᠠᠶᠢᠭᠠᠳ ᠲᠠᠨ ᠢ ᠪᠠᠨ ᠬᠠᠶᠢᠷᠠᠯᠠᠭᠰᠠᠨ ᠶᠤᠮ᠃ | ᠬᠦᠭᠵᠢᠯ ᠡᠰᠨᠢᠯ ᠪᠢᠯᠬᠠᠨ ᠢᠪᠢᠯᠦᠭᠰᠡᠨ | ᠬᠦᠭᠡ ᠲᠤᠭ ᠤᠨ ᠲᠤᠷᠭᠠᠨ ᠬᠤᠷᠮᠤᠢ ᠳᠤ | ᠬᠦᠪᠡᠭᠡ ᠡᠮᠵᠢᠶᠡᠷᠢ ᠲᠠᠢ ᠲᠡᠷᠯᠢᠭ ᠢᠶᠠᠨ ᠲᠡᠯᠡᠵᠤ ᠦᠰᠦᠭᠰᠡᠨ | ᠬᠦᠭᠡᠷᠦᠭᠦᠢ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠦᠰᠡᠯ ᠤᠨ ᠦᠨᠲᠦᠷ ᠬᠠᠷᠭᠤᠢ ᠳᠠᠭᠠᠨ | ᠬᠦᠨᠲᠦ ᠵᠤᠷᠢᠭ ᠢᠶᠠᠨ ᠡᠷᠴᠢᠯᠡᠨ ᠲᠡᠮᠦᠯᠡᠭᠰᠡᠨ | ᠬᠦᠳᠡᠭᠡ ᠤᠨ ᠪᠤᠷᠤᠬᠠᠨ ᠭᠡᠷ ᠳᠠᠬᠢ | ᠬᠦᠳᠡᠯᠮᠦᠷᠢ ᠶᠢᠨ ᠭᠢᠯᠪᠠᠭ᠎ᠠ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠬᠦᠪᠴᠢᠨ ᠪᠠᠶᠢᠭᠠᠯᠢ ᠶᠢᠨ ᠠᠭᠤᠳᠠᠮ ᠳᠤ | ᠬᠦᠮᠦᠨ ᠮᠦᠰᠦ ᠪᠠᠨ ᠲᠠᠪᠲᠠᠨ ᠬᠠᠲᠠᠭᠤᠵᠢᠭᠰᠠᠨ | ᠬᠦᠳᠡᠭᠢ ᠪᠤᠯᠭᠢ ᠶᠢ ᠢᠪ ᠲᠠᠷᠤᠨ ᠰᠠᠷᠠᠭᠤᠯᠵᠢᠭᠰᠠᠨ | ᠬᠦᠷᠦᠰᠦᠯᠢᠭ ᠪᠤᠷᠤᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠭᠠᠯᠠᠪ ᠶᠢᠷᠲᠢᠨᠴᠤᠰ ᠢ ᠬᠡᠮᠵᠢᠶᠡᠯᠡᠵᠤ ᠬᠤᠯᠪᠤᠬᠤ | ᠭᠠᠯ ᠠᠶᠠᠨ ᠤ ᠲᠡᠮᠡᠭᠡᠨ ᠵᠢᠩ ᠤᠨ ᠲᠤᠨᠢᠶ᠎ᠠ ᠰᠢᠤᠬᠠᠨ | ᠭᠠᠭᠴᠠ ᠰᠡᠳᠭᠡᠯ ᠢ ᠮᠢᠨᠢ ᠲᠠᠭᠤᠲᠠᠨ ᠰᠡᠷᠢᠭᠡᠭᠦ | ᠭᠠᠯᠪᠢᠷ ᠭᠤᠶᠤᠬᠠᠨ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | ᠭᠠᠳᠠᠰᠤ ᠤᠶᠠᠭᠠᠨ ᠳᠠᠭᠠᠨ ᠡᠵᠡᠨ ᠢᠶᠠᠨ ᠦᠭᠡᠶᠢᠯᠡᠨ ᠦᠤᠷᠰᠡᠭᠦ | ᠭᠠᠨᠭ᠌ ᠲᠤᠭᠤᠷᠠᠢ ᠲᠠᠢ ᠠᠭᠲᠠ ᠤᠨ ᠴᠤᠪᠬᠤᠴᠢᠶᠠ ᠰᠢᠤᠬᠠᠨ | ᠭᠠᠷ ᠤᠨ ᠠᠯᠠᠭ᠎ᠠ ᠶᠢ ᠨᠢᠭᠤᠴᠠᠬᠠᠨ ᠲᠡᠯᠡᠰᠦᠨ ᠴᠤᠭᠢᠬᠤ | ᠭᠠᠨᠭ᠍ᠭᠠᠡᠭ ᠲᠠᠨ ᠢ ᠪᠠᠨ ᠬᠠᠶᠢᠷᠠᠯᠠᠵᠤ ᠶᠠᠪᠤᠭᠰᠠᠨ ᠶᠤᠮ᠃ | | | | | | | | |