ᠲᠠᠶᠢᠯᠠᠬᠤ ᠶᠢᠨ ᠴᠡᠭᠡᠷ ᠶᠣᠰᠣᠨ
ᠨᠡᠶᠢᠲᠡᠯᠡᠭᠰᠡᠨ ᠴᠠᠭ᠄
2022/8/21
ᠲᠠᠶᠢᠯᠠᠬᠤ ᠶᠢᠨ ᠴᠡᠭᠡᠷ ᠶᠣᠰᠣᠨ      ᠮᠤᠩᠭᠤᠯᠴᠤᠳ ᠢᠷᠡᠭᠰᠡᠨ ᠵᠤᠴᠢᠨ ᠢᠶᠠᠨ ᠲᠠᠶᠢᠯᠠᠯᠭ᠎ᠠ ᠶᠢᠨ ᠶᠤᠰᠤ ᠪᠠᠷ ᠵᠤᠴᠢᠯᠠᠨ ᠲᠠᠶᠢᠯᠠᠳᠠᠭ ᠤᠳᠤᠮᠰᠢᠯ ᠲᠠᠢ᠃ ᠤᠩᠭᠤᠶᠢᠭᠰᠠᠨ ᠠᠶᠢᠯ ᠳᠤ ᠲᠤᠩᠭᠤᠶᠢᠭᠰᠠᠨ ᠬᠦᠮᠦᠨ ᠤᠷᠤᠵᠤ ᠢᠷᠡᠪᠡᠯ ᠵᠠᠪᠠᠯ ᠴᠠᠢ ᠠᠶᠠᠭᠠᠯᠠᠵᠤ ᠢᠳᠡᠭᠡ ᠪᠤᠭᠤᠷᠰᠤᠭ ᠦᠭᠳᠡᠭ᠃ ᠠᠶᠢᠯ ᠳᠤ ᠤᠴᠢᠬᠤ ᠬᠦᠮᠦᠨ ᠠᠶᠢᠯ ᠤᠨ ᠭᠡᠷ ᠲᠤ ᠰᠢᠳᠠᠮ ᠪᠢᠯᠠᠭᠤ᠂ ᠲᠠᠰᠢᠭᠤᠷ᠂ ᠠᠪᠠ ᠶᠢᠨ ᠫᠤᠤ᠂ ᠴᠢᠳᠤᠷ ᠲᠤᠱᠠ᠂ ᠨᠤᠭᠲᠤ ᠬᠠᠵᠠᠭᠠᠷ᠂ ᠲᠡᠭᠡᠰᠦ ᠪᠤᠷᠠᠨᠳᠠᠭ᠂ ᠬᠦᠷᠵᠡ ᠯᠠᠬ᠎ᠠ᠂ ᠠᠷᠴᠢᠭᠤᠷ ᠬᠠᠳᠤᠭᠤᠷ ᠲᠡᠷᠢᠬᠦᠳᠡᠨ ᠢ ᠠᠪᠴᠦ ᠣᠷᠣᠬᠤ ᠶᠢ ᠴᠡᠭᠡᠷᠯᠡᠳᠡᠭ᠃ ᠠᠶᠢᠯ ᠤᠨ ᠡᠬᠦᠳᠡᠨ ᠪᠤᠱᠤᠭ᠎ᠠ ᠶᠢ ᠰᠤᠨᠳᠠᠯᠠᠨ ᠵᠤᠭᠰᠤᠬᠤ ᠪᠤᠶᠤ ᠪᠤᠱᠤᠭᠠᠨ ᠲᠡᠭᠡᠷ᠎ᠡ ᠬᠢᠰᠬᠢᠵᠦ ᠪᠣᠯᠳᠠᠭ ᠦᠭᠡᠢ᠃ ᠢᠷᠡᠭᠰᠡᠨ ᠵᠣᠴᠢᠨ ᠭᠠᠯ ᠲᠤᠯᠭ᠎ᠠ ᠶᠢᠨ ᠬᠤᠶᠢᠮᠤᠷ ᠪᠤᠶᠤ ᠪᠤᠷᠬᠠᠨ ᠬᠦᠩᠭᠠᠷᠪᠠ ᠶᠢᠨ ᠡᠮᠦᠨᠡᠬᠦᠷ ᠬᠦᠨᠳᠡᠯᠢᠳᠦᠨ ᠭᠠᠷᠴᠦ ᠪᠣᠯᠬᠤ ᠦᠬᠡᠢ᠂ ᠭᠡᠷ ᠤᠨ ᠡᠵᠡᠨ  ᠵᠦᠪᠰᠢᠶᠡᠷᠡᠯ ᠦᠬᠡᠢ ᠪᠠᠷ ᠰᠢᠷᠡᠭᠡᠨ ᠤ ᠲᠥᠪ ᠪᠣᠶᠣ ᠪᠠᠷᠠᠭᠤᠨ ᠲᠠᠯ᠎ᠠ ᠪᠠᠷ ᠰᠠᠭᠤᠬᠤ ᠶᠢ ᠲᠠᠳᠠᠭᠠᠯᠵᠠᠵᠤ ᠪᠠᠶᠢᠬᠤ ᠶᠤᠰᠤᠳᠠᠢ᠃ ᠲᠠᠬᠢᠯ ᠤᠨ ᠪᠤᠷᠬᠠᠨ᠂ ᠬᠦᠩᠭᠠᠷᠪᠠ ᠶᠢᠨ ᠬᠠᠪᠢ ᠪᠠᠷ ᠰᠠᠭᠤᠵᠤ ᠪᠣᠯᠬᠤ ᠦᠬᠡᠢ᠂ ᠬᠠᠷᠢᠨ ᠵᠡᠬᠦᠨ ᠲᠠᠯ᠎ᠠ ᠪᠠᠷ ︵ᠬᠠᠨᠵᠤᠨ ᠤ ᠡᠮᠦᠨᠡᠭᠦᠷ︶ ᠰᠠᠭᠤᠵᠤ ᠪᠠᠶᠢᠬᠤ ᠤᠴᠢᠷᠳᠡᠢ᠃ ᠪᠠᠷᠠᠭᠤᠨ ᠲᠠᠯ᠎ᠠ ᠪᠣᠶᠣ ᠭᠠᠯ ᠲᠤᠭᠤᠭᠠᠨ ᠤ ᠬᠠᠪᠢ ᠪᠠᠷ ᠰᠠᠭᠤᠵᠤ ᠪᠣᠯᠬᠤ ᠦᠬᠡᠢ᠃ ᠭᠡᠷ ᠲᠤ ᠢᠰᠭᠡᠷᠴᠦ ᠱᠦᠭᠯᠦᠳᠡᠵᠦ ᠪᠣᠯᠬᠤ ᠦᠬᠡᠢ᠃ ᠬᠤᠭ ᠪᠠ ᠦᠨᠡᠰᠦ ᠶᠢ ᠬᠤᠯᠢᠬᠤ ᠪᠤᠶᠤ ᠬᠠᠮᠳᠤ ᠳᠤ ᠨᠢ ᠠᠪᠠᠴᠢᠵᠦ ᠬᠠᠶᠠᠵᠦ ᠪᠣᠯᠬᠤ ᠦᠬᠡᠢ᠃      ᠴᠠᠢ ᠪᠣᠶᠣ ᠬᠤᠭᠤᠯᠠ ᠪᠤᠳᠠᠭ᠎ᠠ ᠶᠢ ᠵᠠᠪᠠᠯ ᠬᠤᠶᠠᠷ ᠭᠠᠷ ᠢᠶᠠᠷ ᠢᠶᠠᠨ ᠲᠤᠰᠴᠦ ᠠᠪᠬᠤ ᠶᠤᠰᠤᠳᠠᠢ᠃ ᠭᠡᠷ ᠤᠨ ᠡᠵᠡᠨ ᠤ ᠵᠦᠪᠰᠢᠶᠡᠷᠡᠯ ᠦᠬᠡᠢ ᠪᠠᠷ ᠭᠡᠷ ᠲᠤᠳᠤᠷ᠎ᠠ ᠲᠤᠷᠠᠪᠡᠷ ᠵᠤᠷᠴᠢᠬᠤ ᠪᠣᠶᠣ ᠨᠡᠩ ᠲᠠᠬᠢᠯ ᠤᠨ ᠦᠷᠦᠭᠡᠨ ᠳᠤ ᠲᠤᠷᠠᠪᠡᠷ ᠣᠷᠣᠬᠤ ᠶᠢ ᠲᠠᠰᠤ ᠴᠡᠭᠡᠷᠯᠡᠨ᠎ᠡ᠃ ᠬᠤᠭᠤᠯᠠ ᠢᠳᠡᠵᠦ ᠪᠠᠶᠢᠬᠤ ᠳᠠᠭᠠᠨ ᠪᠣᠯᠬᠤ ᠶᠢᠨ ᠲᠤᠳᠤᠷ᠎ᠠ  ᠦᠭᠡ ᠶᠡᠷᠢᠬᠤ ᠦᠬᠡᠢ᠂ ᠢᠯᠠᠩᠭᠤᠶ᠎ᠠ ᠶᠡᠭᠡ ᠲᠠᠭᠤ ᠪᠠᠷ ᠶᠠᠷᠢᠵᠦ ᠪᠣᠯᠬᠤ ᠦᠭᠡᠢ᠃ ᠮᠣᠷᠢ ᠤᠨᠤᠭ᠎ᠠ᠂ ᠲᠡᠷᠭᠡ ᠬᠦᠰᠭᠡ ᠪᠠᠷ ᠠᠶᠢᠯᠴᠢᠯᠠᠬᠤ ᠎ ᠳᠠᠭᠠᠨ ᠬᠤᠲᠠ ᠬᠦᠷᠢᠶ᠎ᠡ ᠶᠢ ᠦᠢᠮᠡᠬᠦᠯᠬᠦ ᠦᠬᠡᠢ ᠪᠠᠶᠢᠬᠤ ᠶᠢ ᠬᠢᠴᠢᠶᠡᠵᠦ᠂ ᠰᠠᠩ ᠤᠨ ᠰᠦᠷᠦ ᠶᠢᠨ ᠲᠤᠳᠤᠭᠤᠷ ᠭᠠᠷᠬᠤ ᠶᠢ ᠴᠡᠭᠡᠷᠯᠡᠨ᠎ᠡ᠃ ᠨᠠᠰᠤᠳᠠᠨ ᠲᠠᠢ ᠵᠡᠷᠭᠡᠴᠡᠨ ᠰᠠᠭᠤᠬᠤ ᠪᠤᠶᠤ ᠨᠠᠰᠤᠳᠠᠨ ᠤ ᠡᠮᠦᠨᠡᠭᠦᠷ ᠭᠠᠷᠴᠦ ᠣᠷᠣᠵᠣ ᠪᠣᠯᠬᠤ ᠦᠬᠡᠢ᠃ ᠨᠠᠰᠤᠳᠠᠨ ᠢ ︽ᠲᠠ︾ ᠬᠡᠵᠦ ᠬᠦᠨᠳᠦᠳᠭᠡᠨ ᠲᠠᠭᠤᠳᠠᠵᠦ᠂ ︽ ᠴᠠᠢ︾ ᠭᠡᠬᠦ ᠪᠣᠶᠣ ᠰᠢᠭᠤᠳ ᠨᠡᠷᠡᠯᠡᠨ ᠳᠠᠭᠤᠳᠠᠬᠤ ᠶᠢ ᠴᠡᠭᠡᠷᠯᠡᠨ᠎ᠡ᠃ ᠬᠡᠦᠬᠡᠳ ᠢ ᠶᠡᠭᠡ ᠲᠠᠭᠤᠨ ᠢᠶᠠᠷ  ᠠᠭᠰᠤᠷᠴᠤ ᠪᠣᠯᠬᠤ ᠦᠬᠡᠢ᠂ ᠭᠠᠷ ᠬᠦᠳᠡᠯᠵᠦ ᠵᠤᠳᠤᠵᠤ ᠴᠣᠬᠢᠵᠤ ᠨᠡᠩ ᠪᠣᠯᠬᠤ ᠦᠬᠡᠢ᠂ ᠭᠡᠷ ᠤᠨ ᠬᠦᠮᠦᠰ ᠤᠨ ᠬᠢᠨᠢ ᠡᠮᠦᠨ᠎ᠡ ᠬᠡᠦᠬᠡᠳ ᠤᠨ ᠵᠡᠮᠳᠡᠭ ᠵᠡᠷᠮᠡᠳᠡᠭ ᠢ ᠬᠡᠯᠡᠵᠦ ᠪᠣᠯᠬᠤ ᠦᠬᠡᠢ᠃ ᠲᠤᠭᠤᠭ᠎ᠠ ᠲᠤᠯᠭ᠎ᠠ ᠶᠢᠨ ᠬᠤᠶᠢᠮᠤᠷ ᠪᠣᠯ ᠭᠡᠷ ᠤᠨ ᠡᠵᠡᠨ ᠤ ᠰᠠᠭᠤᠳᠠᠯ ᠲᠤᠯᠠ ᠭᠡᠷ ᠤᠨ ᠡᠵᠡᠨ ᠭᠠᠷᠴᠦ ᠰᠠᠭᠤᠭ᠎ᠠ ᠦᠬᠡᠢ ᠤᠷᠢᠳᠠᠯ ᠲᠤᠤᠷ᠎ᠠ ᠪᠤᠰᠤᠳ ᠬᠦᠮᠦᠨ ᠲᠤᠷᠠᠪᠡᠷ ᠬᠤᠶᠢᠮᠤᠷ ᠭᠠᠷᠴᠦ ᠰᠠᠭᠤᠵᠤ ᠪᠣᠯᠳᠠᠭ ᠦᠭᠡᠢ᠃ ᠠᠶᠢᠯ ᠤᠨ ᠬᠢᠨ ᠤ ᠠᠶᠠᠭᠠᠯᠠᠵᠤ ᠦᠭᠬᠦᠭᠰᠡᠨ ᠴᠠᠢ ᠶᠢ ᠤᠤᠭᠤᠬᠤ ᠦᠬᠡᠢ ᠪᠣᠯ ᠭᠡᠷ ᠤᠨ ᠡᠵᠡᠨ ᠳᠤ ᠶᠣᠰᠣ ᠠᠯᠳᠠᠭᠰᠠᠨ ᠶᠠᠪᠤᠳᠠᠯ ᠪᠤᠯᠤᠨ᠎ᠠ᠃ ᠭᠡᠷ ᠡᠵᠡᠨ ᠤ ᠡᠷᠬᠦᠭᠰᠡᠨ ᠴᠠᠭᠠᠨ ᠢᠳᠡᠭᠡ ᠶᠢ ᠵᠠᠪᠠᠯ ᠠᠮᠰᠠᠬᠤ ᠬᠡᠷᠡᠭᠳᠡᠢ᠃ ᠬᠤᠭᠤᠯᠠ ᠵᠤᠭᠤᠭᠯᠠᠬᠤ ᠳᠠᠭᠠᠨ ᠰᠢᠷᠡᠭᠡ ᠲᠤᠭᠰᠢᠵᠤ᠂ ᠲᠤᠶ᠋ᠢᠬᠤ ᠪᠤᠶᠤ ᠰᠠᠪᠬ᠎ᠠ ᠲᠡᠯᠡᠳᠴᠦ ᠪᠤᠯᠬᠤ ᠦᠭᠡᠢ᠃ ᠠᠶᠠᠭᠠᠨ ᠢᠷᠤᠭᠠᠷ ᠲᠤ ᠰᠢᠪᠬᠠᠷᠦ ᠦᠯᠡᠳᠡᠭᠡᠬᠦ ᠶᠢ ᠴᠡᠭᠡᠷᠯᠡᠨ᠎ᠡ᠃ ᠵᠤᠰᠤᠭ᠎ᠠ ᠪᠠᠷ ᠴᠠᠢ ᠪᠤᠳᠠᠭ᠎ᠠ ᠡᠳ᠋ᠯᠡᠬᠦ ᠶᠢ ᠴᠡᠭᠡᠷᠯᠡᠨ᠎ᠡ᠂ ᠴᠠᠭᠠᠨ ᠢᠳᠡᠭᠡ ᠶᠢ ᠪᠠᠷᠠᠭᠤᠨ ᠭᠠᠷ ᠢᠶᠠᠷ ᠢᠶᠠᠨ ᠡᠳ᠋ᠯᠡᠬᠦ ᠶᠣᠰᠣᠳᠠᠢ᠃ ᠰᠠᠪᠬ᠎ᠠ ᠪᠠᠷ ᠬᠠᠪᠴᠢᠵᠦ ᠠᠪᠴᠦ ᠢᠳᠡᠵᠦ ᠪᠤᠯᠬᠤ ᠦᠬᠡᠢ᠃ ᠠᠶᠢᠯ ᠳᠤ ᠡᠪᠰᠢᠶᠡᠯᠭᠡᠵᠦ᠂ ᠰᠣᠨᠢᠶᠡᠵᠦ ᠪᠣᠯᠬᠤ ᠦᠬᠡᠢ᠃      ᠬᠤᠭᠤᠯᠠ ᠢᠳᠡᠬᠦ ᠳᠡᠭᠡᠨ ᠰᠤᠭᠤ ᠪᠠᠨ ᠬᠠᠪᠴᠢᠵᠦ ᠪᠣᠯᠬᠤ ᠦᠬᠡᠢ᠃      ᠶᠠᠪᠠᠭᠠᠨ ᠶᠠᠭᠤᠮ᠎ᠠ ᠢᠳᠡᠵᠦ ᠪᠣᠯᠬᠤ ᠦᠬᠡᠢ᠃      ᠲᠠᠪᠤᠨ ᠲᠠᠷᠢᠶ᠎ᠠ᠂ ᠪᠤᠳᠠᠭ᠎ᠠ ᠬᠦᠨᠡᠰᠦ ᠪᠠᠷ  ᠲᠤᠭᠯᠠᠵᠤ ᠨᠠᠭᠠᠳᠴᠦ ᠪᠣᠯᠬᠤ ᠦᠬᠡᠢ᠃      ᠬᠤᠷᠤᠳ ᠢ ᠭᠠᠯ ᠳᠤ ᠰᠢᠳᠠᠭᠠᠵᠤ ᠪᠣᠯᠬᠤ ᠦᠬᠡᠢ᠃      ᠴᠠᠭᠠᠨ ᠢᠳᠡᠭᠡ ᠶᠢ ᠭᠠᠵᠠᠷ ᠴᠠᠶᠢᠳᠠᠯ᠎ᠠ ᠠᠰᠬᠠᠵᠤ ᠪᠣᠯᠬᠤ ᠦᠬᠡᠢ᠂ ᠪᠤᠶᠠᠨ ᠭᠡᠰᠢᠭ ᠬᠠᠵᠠᠶᠢᠨ᠎ᠠ ᠭᠡᠳᠡᠭ᠃ ᠠᠯᠳᠠᠵᠤ ᠠᠰᠬᠠᠬᠰᠠᠨ ᠪᠣᠯ ᠲᠠᠷᠤᠶᠢᠬᠠᠨ ᠲᠡᠬᠦᠵᠦ ᠠᠪᠬᠤ ᠬᠡᠷᠡᠭᠳᠡᠢ  ᠃      ᠰᠦ ᠰᠡᠷᠵᠢᠮᠯᠡᠬᠦ ᠠᠮᠰᠠᠬᠤ ᠳᠠᠭᠠᠨ ᠢᠳᠠᠮ ᠬᠤᠷᠤᠭᠤ ᠪᠠᠷ ᠢᠶᠠᠨ ᠢᠳᠠᠮᠯᠠᠳᠠᠭ᠃
ᠢᠷᠡᠯᠲᠡ᠄ ᠲᠣᠲᠣᠷᠬᠠᠢ ᠦᠭᠡᠢ