ᠲᠠᠶᠢᠯᠠᠬᠤ ᠶᠣᠰᠣᠨ
ᠨᠡᠶᠢᠲᠡᠯᠡᠭᠰᠡᠨ ᠴᠠᠭ᠄
2022/8/21
ᠲᠠᠶᠢᠯᠠᠬᠤ ᠶᠣᠰᠣᠨ      ᠮᠤᠩᠭᠤᠯᠴᠤᠳ ᠰᠠᠨᠠᠭ᠎ᠠ ᠰᠡᠳᠬᠢᠯ ᠴᠡᠪᠡᠷ ᠠᠷᠢᠭᠤᠨ᠂ ᠪᠠᠶᠢᠭᠠᠯᠢ ᠬᠦᠮᠦᠨ ᠡᠶᠡᠯᠰᠡᠭ ᠪᠠᠶᠢᠳᠠᠭ ᠢᠶᠠᠷ ᠢᠶᠠᠨ ᠬᠠᠯᠠᠭᠤᠨ ᠰᠡᠳᠬᠢᠯᠲᠤ ᠬᠦᠮᠦᠰ ᠭᠡᠮᠡᠨ ᠬᠦᠨ᠎ᠡ ᠠᠯᠳᠠᠷᠰᠢᠵᠠᠢ᠃ ᠬᠡᠶᠢᠴᠢᠨ ᠵᠣᠴᠢᠨ ᠬᠡᠷᠡᠯᠳᠦᠬᠦᠯᠦᠨ ᠪᠠᠭᠤᠬᠤ ᠳᠤ ᠭᠡᠷ ᠤᠨ ᠡᠵᠡᠨ ᠦᠪᠡᠷ ᠢᠶᠠᠨ ᠤᠭᠳᠤᠨ ᠭᠡᠷ ᠲᠤ ᠪᠠᠨ ᠤᠷᠢᠨ ᠲᠠᠶᠢᠯᠠᠬᠤ ᠶᠤᠰᠤᠨ ᠢ ᠬᠦᠢᠴᠡᠳᠭᠡᠳᠡᠭ᠃ ᠴᠠᠢ ᠶᠢᠨ ᠵᠦᠢᠯ ᠭᠡᠮᠡᠨ ᠬᠠᠭᠤᠷᠤᠭᠰᠠᠨ ᠠᠮᠤ᠂ ᠪᠤᠭᠤᠷᠰᠤᠭ᠂ ᠴᠢᠨᠠᠭᠰᠢᠯᠠᠨ ᠮᠢᠬ᠎ᠠ ᠬᠢᠭᠡᠳ ᠴᠠᠭᠠᠨ ᠢᠳᠡᠭᠡ ᠪᠠᠨ ᠡᠮᠬᠢ ᠵᠠᠮᠪᠠᠷᠠᠭ᠎ᠠ ᠲᠠᠢ ᠦᠷᠦᠵᠦ᠂ ᠰᠦ ᠲᠡᠭᠡᠵᠢ ᠪᠠᠨ ᠲᠡᠭᠡᠵᠢᠯᠡᠨ ᠪᠠᠷᠢᠬᠤ ᠨᠢ ᠲᠡᠷᠢᠬᠦᠨ ᠴᠢᠬᠤᠯᠠ ᠦᠢᠯᠡ ᠪᠢᠯᠡ᠃ ᠴᠠᠢ ᠠᠮᠰᠠᠭᠰᠠᠨ ᠤ ᠲᠠᠷᠠᠭ᠎ᠠ ᠤᠯᠠᠭᠠᠨ ᠢᠳᠡᠭᠡ᠂ ᠬᠤᠭᠤᠯᠠᠨ ᠤ ᠵᠦᠢᠯ ᠭᠡᠮᠡᠨ ᠲᠡᠰ ᠲᠠᠷᠠᠭ᠎ᠠ ᠲᠠᠢ ᠭᠠᠷᠭᠠᠵᠤ᠂ ᠠᠷᠢᠬᠢ ᠰᠠᠷᠬᠤᠳ ᠭᠡᠮᠨᠡᠨ ᠠᠶ᠎ᠠ ᠲᠠᠭᠤᠤ ᠰᠤᠨᠤᠷᠳᠠᠭᠤᠯᠤᠨ᠂ ᠲᠠᠶᠢᠯᠠᠬᠤ ᠨᠠᠶᠢᠷ ᠪᠣᠯᠳᠠᠭ᠃ ᠵᠣᠴᠢᠨ ᠠᠶᠠᠷᠯᠠᠬᠤ ᠳᠤ ᠭᠡᠷ ᠲᠠᠶᠠᠭᠠᠷ ᠢᠶᠠᠨ ᠦᠳᠡᠨ ᠮᠤᠷᠳᠠᠭᠤᠯᠵᠤ᠂ ᠲᠦᠷᠦᠭᠡ ᠴᠢᠩᠭᠠᠯᠠᠬᠤ ᠭᠡᠮᠡᠨ ᠴᠡᠭᠡ ᠪᠣᠶᠣ ᠰᠦ ᠲᠠᠢ ᠴᠠᠢ ᠪᠠᠷᠢᠵᠦ᠂ ᠠᠶᠠᠨ ᠵᠠᠮ ᠤᠨ ᠠᠮᠤᠷ ᠮᠡᠨᠳᠦ ᠶᠢ ᠨᠢ ᠢᠷᠦᠭᠡᠨ ᠪᠡᠯᠭᠡᠳᠡᠭᠡᠳ ᠲᠠᠶᠢᠯᠠᠬᠤ ᠶᠣᠰᠣᠨ ᠬᠦᠢᠴᠡᠳ ᠲᠠᠭᠤᠰᠳᠠᠭ᠃      ︽ᠰᠢᠪᠠᠭᠤ ᠥᠳᠦ ᠪᠠᠨ ᠬᠠᠶᠢᠷᠠᠯᠠᠵᠤ᠂ ᠬᠦᠮᠦᠨ ᠨᠢᠭᠤᠷ ᠢᠶᠠᠨ ᠪᠤᠳᠤᠨ᠎ᠠ︾ ᠭᠡᠳᠡᠭᠴᠢᠯᠡᠨ᠂ ᠶᠣᠰᠣ ᠠᠯᠳᠠᠬᠤ ᠶᠢ ᠮᠤᠩᠭᠤᠯᠴᠤᠳ ᠬᠠᠮᠤᠭ ᠤᠨ ᠶᠡᠭᠡ ᠡᠯᠡᠭ ᠭᠡᠮᠡᠨ ᠦᠵᠡᠳᠡᠭ᠃      ᠮᠣᠩᠭᠤᠯ ᠠᠶᠢᠯ ᠳᠤ ᠵᠤᠴᠢᠯᠠᠪᠠᠯ ᠶᠠᠭᠤᠨ ᠤ ᠡᠮᠦᠨ᠎ᠡ ᠠᠮᠤᠷ ᠡᠷᠢᠬᠦ ᠬᠡᠷᠡᠭᠳᠡᠢ᠂ ᠨᠠᠰᠤᠳᠠᠨ ᠪᠠᠶᠢᠪᠠᠯ ᠤᠷᠢᠳᠠᠪᠡᠷ ᠨᠠᠰᠤᠳᠠᠨ ᠤ ᠠᠮᠤᠷ ᠢ ᠡᠷᠢᠵᠦ᠂ ᠭᠡᠷ ᠤᠨ ᠡᠵᠡᠨ ᠴᠠᠢ ᠠᠶᠠᠭᠠᠯᠠᠪᠠᠯ ᠬᠤᠶᠠᠷ ᠭᠠᠷ ᠢᠶᠠᠷ ᠢᠶᠠᠨ ᠪᠣᠶᠣ ᠪᠠᠷᠠᠭᠤᠨ ᠭᠠᠷ ᠢᠶᠠᠷ ᠢᠶᠠᠨ ᠲᠤᠰᠴᠦ ᠠᠪᠬᠤ ᠶᠤᠰᠤᠳᠠᠢ᠃ ᠴᠠᠢ ᠠᠮᠰᠠᠭᠰᠠᠨ ᠤ ᠲᠠᠷᠠᠭ᠎ᠠ ᠢᠷᠡᠭᠰᠡᠨ ᠵᠤᠴᠢᠨ ᠲᠡᠭᠡᠵᠡᠢ ᠪᠡᠯᠡᠭ ᠢᠶᠠᠨ ᠲᠠᠯᠪᠢᠵᠤ ᠪᠤᠯᠳᠠᠭ᠃ ᠬᠤᠭᠤᠯᠠ ᠪᠤᠳᠠᠭ᠎ᠠ ᠢᠳᠡᠬᠦ ᠳᠡᠭᠡᠨ ᠨᠠᠮ ᠲᠠᠶᠢᠪᠤᠡᠭ ᠪᠠᠶᠢᠬᠤ ᠪᠦᠭᠡᠳ  ᠬᠦᠷᠳᠡᠭᠰᠡᠨ ᠤ ᠲᠠᠷᠠᠭ᠎ᠠ ︽ᠰᠠᠶᠢᠨ ᠬᠦᠷᠳᠡᠯ᠎ᠡ︕ ᠰᠠᠶᠢᠨ ᠬᠤᠭᠤᠯᠠ ᠪᠤᠯᠤᠭᠰᠠᠨ︾ ᠮᠡᠳᠦᠴᠢᠯᠡᠨ ᠬᠠᠷᠢᠭᠤ ᠲᠠᠯᠠᠷᠬᠠᠳᠠᠭ᠃ ᠠᠶᠠᠷᠯᠠᠬᠤ ᠳᠠᠭᠠᠨ ᠦᠳᠡᠯᠭᠡ ᠶᠢᠨ ᠴᠠᠢ ᠭᠡᠵᠦ ᠠᠮᠰᠠᠬᠤ ᠪᠦᠭᠡᠳ᠂ ᠭᠡᠷ ᠤᠨ ᠡᠵᠡᠨ ᠢ ᠭᠡᠷ ᠲᠡᠭᠡᠨ ᠤᠴᠢᠭᠠᠷᠠᠢ ᠭᠡᠵᠦ ᠤᠷᠢᠯᠭ᠎ᠠ ᠲᠠᠯᠪᠢᠵᠤ᠂ ᠰᠠᠶᠢᠨ ᠰᠠᠶᠢᠬᠠᠨ ᠰᠠᠭᠠᠳᠠᠵᠦ ᠪᠠᠶᠢᠭᠠᠷᠠᠢ ᠭᠡᠵᠦ ᠪᠡᠯᠭᠡ ᠲᠠᠮᠪᠡᠷᠢᠯ ᠲᠠᠢ ᠢᠷᠦᠭᠡᠯ ᠤᠨ ᠦᠭᠡ ᠬᠡᠯᠡᠳᠡᠭ᠃
ᠢᠷᠡᠯᠲᠡ᠄ ᠲᠣᠲᠣᠷᠬᠠᠢ ᠦᠭᠡᠢ