ᠬᠠᠳᠠᠭ ᠤᠨ ᠴᠡᠭᠡᠷ ᠶᠣᠰᠣᠨ
ᠨᠡᠶᠢᠲᠡᠯᠡᠭᠰᠡᠨ ᠴᠠᠭ᠄
2022/8/21
ᠣᠷᠳᠣᠰ ᠮᠤᠩᠭᠤᠯᠴᠤᠳ ᠤᠨ ᠵᠠᠩ ᠦᠢᠯᠡ ᠬᠢᠭᠡᠳ ᠴᠡᠭᠡᠷ ᠶᠣᠰᠣᠨᠬᠠᠳᠠᠭ ᠤᠨ ᠴᠡᠭᠡᠷ ᠶᠣᠰᠣᠨ      ᠬᠠᠳᠠᠭ ᠢ ᠬᠦᠯᠢᠶᠡᠨ ᠠᠪᠤᠭᠴᠢ ᠦᠪᠡᠷ ᠤᠨ ᠬᠦᠵᠦᠬᠦᠨ ᠳᠡᠭᠡᠨ ᠲᠤᠬᠤᠵᠤ ᠲᠠᠯᠪᠢᠬᠤ ᠪᠢᠰᠢ᠂ ᠬᠠᠷᠢᠨ ᠬᠤᠶᠠᠷ ᠠᠯᠠᠭ᠎ᠠ ᠪᠠᠨ ᠲᠡᠯᠭᠡᠨ ᠬᠦᠯᠢᠶᠡᠨ ᠠᠪᠴᠤ ᠨᠢᠮᠪᠠᠶᠢᠯᠠᠨ ᠨᠠᠨᠳᠢᠩᠨᠠᠬᠤ ᠶᠣᠰᠣᠳᠠᠢ᠃      ᠬᠠᠳᠠᠭ ᠢᠶᠠᠷ ᠨᠢᠳᠦ ᠪᠦᠳᠦᠭᠡᠬᠦ᠂ ᠲᠤᠯᠤᠭᠠᠢ ᠤᠷᠢᠶᠠᠬᠤ᠂ ᠭᠡᠵᠢᠭᠡ ᠪᠣᠭᠤᠬᠤ᠂ ᠪᠦᠰᠡᠯᠡᠬᠦ᠂ ᠬᠦᠯ ᠭᠠᠷ ᠢᠶᠠᠨ ᠪᠣᠭᠤᠬᠤ᠂ ᠬᠠᠳᠠᠭ ᠢ ᠬᠥᠰᠡᠷ ᠤᠷᠬᠢᠬᠤ᠂ ᠬᠢᠰᠬᠢᠬᠦ ᠵᠡᠷᠭᠡ ᠦᠢᠯᠡ ᠳᠤ ᠲᠠᠰᠤ ᠴᠡᠭᠡᠷ ᠬᠤᠷᠢᠭ᠎ᠠ ᠲᠠᠢ᠃      ᠬᠠᠳᠠᠭ ᠤᠶᠠᠵᠤ ᠵᠠᠮ ᠤᠨ ᠲᠡᠮᠳᠡᠭ ᠪᠤᠯᠭᠠᠬᠤ᠂ ᠬᠠᠳᠠᠭ ᠪᠠᠷ ᠶᠠᠭᠤᠮ᠎ᠠ ᠠᠷᠴᠢᠬᠤ ᠵᠡᠷᠭᠡ ᠶᠢ ᠲᠠᠰᠤ ᠴᠡᠭᠡᠷᠯᠡᠨ᠎ᠡ᠃      ᠬᠠᠳᠠᠭ ᠢ ᠤᠬᠢᠶᠠᠬᠤ᠂ ᠬᠠᠳᠠᠭ ᠢ ᠬᠠᠶᠢᠴᠢᠯᠠᠵᠦ ᠡᠰᠭᠡᠬᠦ ᠶᠢ ᠴᠤ ᠴᠢᠩᠭ᠎ᠠ ᠴᠡᠭᠡᠷᠯᠡᠳᠡᠭ᠃
ᠢᠷᠡᠯᠲᠡ᠄ ᠲᠣᠲᠣᠷᠬᠠᠢ ᠦᠭᠡᠢ