| ᠪᠦᠬᠦ ᠪᠥᠮᠪᠥᠷᠴᠡᠭ ᠤᠨ ᠢᠳᠡᠭᠡᠨ ᠤ ᠦᠨ᠎ᠡ ᠬᠠᠩᠰᠢ ᠦᠷᠭᠦᠯᠵᠢᠯᠡᠨ ᠥᠰᠴᠦ᠂ ᠣᠯᠠᠨ ᠤᠯᠤᠰ ᠤᠨ ᠬᠤᠯᠪᠣᠭᠠᠲᠤ ᠪᠠᠶᠢᠭᠤᠯᠤᠯᠭ᠎ᠠ ᠶᠢᠨ ᠠᠮᠤ ᠪᠤᠳᠠᠭ᠎ᠠ | ᠪᠣᠯᠤᠨ ᠬᠦᠳᠡᠭᠡ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠶᠢᠨ ᠬᠠᠮᠤᠭ ᠤᠨ ᠰᠢᠨ᠎ᠡ ᠮᠡᠳᠡᠭᠦᠯᠦᠯᠲᠡ ᠠᠴᠠ ᠦᠵᠡᠪᠡᠯ᠂ ᠢᠳᠡᠭᠡᠨ ᠤ ᠦᠨ᠎ᠡ ᠬᠠᠩᠰᠢ ᠶᠢᠨ | ᠵᠢᠭᠠᠯᠲᠠ ᠲᠤᠭ᠎ᠠ 1 ᠰᠠᠷ᠎ᠠ ᠳᠤ ᠳᠤᠮᠳᠠᠴᠢ ᠪᠠᠷ 135.7 ᠴᠡᠭ ᠲᠤ ᠬᠦᠷᠴᠦ᠂ ᠭᠠᠷᠠᠬᠠᠨ ᠬᠠᠷᠢᠴᠠᠯ ᠢᠶᠠᠷ ᠢᠶᠠᠨ 1.1 % ᠪᠠᠷ ᠥᠰᠴᠦ᠂ 2011 ᠣᠨ ᠤ | ᠲᠡᠦᠬᠡ ᠶᠢᠨ ᠥᠨᠳᠥᠷ ᠴᠡᠭ ᠲᠤ ᠤᠯᠠᠮ ᠢᠶᠠᠷ ᠣᠶᠢᠷᠠᠲᠤᠵᠤ ᠪᠠᠶᠢᠨ᠎ᠠ᠃ ᠡᠭᠦᠨ ᠳᠤ ᠤᠷᠭᠤᠮᠠᠯ ᠤᠨ ᠲᠣᠰᠣ ᠪᠣᠯᠤᠨ ᠴᠠᠭᠠᠨ ᠢᠳᠡᠭᠡᠨ ᠤ ᠦᠨ᠎ᠡ ᠲᠦᠷᠭᠡᠨ | ᠥᠰᠪᠡ᠃ | ᠠᠮᠤ ᠪᠤᠳᠠᠭ᠎ᠠ ᠬᠥᠳᠡᠭᠡ ᠠᠵᠤ ᠠᠬᠤᠶ ᠶᠢᠨ ᠵᠣᠬᠢᠶᠠᠨ ᠪᠠᠶᠢᠭᠤᠯᠤᠯᠲᠠ ᠠᠴᠠ ᠵᠢᠭᠠᠵᠤ ᠭᠠᠷᠭᠠᠭᠰᠠᠨ ᠨᠢ᠂ ᠭᠠᠳᠠᠭᠠᠳᠤ ᠳᠤ ᠭᠠᠷᠭᠠᠬᠤ ᠬᠠᠩᠭᠠᠯᠭ᠎ᠠ ᠶᠢᠨ | ᠬᠡᠮᠵᠢᠶ᠎ᠡ ᠪᠠᠭᠤᠷᠠᠭᠰᠠᠨ ᠵᠢᠴᠢ ᠪᠤᠰᠤᠳ ᠬᠠᠩᠭᠠᠯᠭ᠎ᠠ ᠶᠢᠨ ᠲᠠᠯ᠎ᠠ ᠶᠢᠨ ᠬᠢᠵᠠᠭᠠᠷᠯᠠᠯ᠂ ᠢᠯᠠᠩᠭᠤᠶ᠎ᠠ ᠬᠥᠳᠡᠯᠮᠦᠷᠢ ᠬᠦᠴᠦ ᠳᠤᠲᠠᠭᠳᠠᠵᠤ ᠪᠠᠶᠢᠬᠤ ᠪᠠ ᠴᠠᠭ | ᠠᠭᠤᠷ ᠤᠨ ᠠᠰᠢᠭ ᠥᠬᠡᠶ ᠪᠠᠶᠢᠳᠠᠯ ᠨᠢ ᠤᠷᠭᠤᠮᠠᠯ ᠤᠨ ᠲᠣᠰᠣ ᠵᠡᠷᠭᠡ ᠢᠳᠡᠭᠡᠨ ᠤ ᠵᠦᠢᠯ ᠤᠨ ᠦᠨ᠎ᠡ ᠶᠢ ᠲᠡᠦᠬᠡ ᠶᠢᠨ ᠰᠢᠨ᠎ᠡ ᠥᠨᠳᠥᠷ ᠬᠡᠮᠵᠢᠶᠡᠨ ᠳᠤ | ᠬᠦᠷᠭᠡᠬᠦ ᠶᠢ ᠠᠬᠢᠭᠤᠯᠪᠠ᠃ | | | | | | |