ᠨᠢᠭᠤᠷ ᠭᠤᠶᠣᠯᠠᠬᠤ ᠲᠣᠬᠠᠢ ᠲᠤᠰᠬᠠᠶ ᠮᠡᠷᠭᠡᠵᠢᠯᠲᠡᠨ ᠶᠠᠭᠠᠬᠢᠵᠤ ᠬᠡᠯᠡᠪᠡ︖
ᠨᠡᠶᠢᠲᠡᠯᠡᠭᠰᠡᠨ ᠴᠠᠭ᠄
2022/7/28
    ᠨᠢᠭᠤᠷ ᠭᠤᠶᠤᠯᠠᠬᠤ ᠲᠤᠬᠠᠢ ᠲᠤᠰᠬᠠᠢ ᠮᠡᠷᠭᠡᠵᠢᠯᠳᠡᠨ ᠠᠴᠠ ᠬᠡᠷᠬᠢᠨ ᠶᠠᠷᠢᠯᠳᠤᠵᠤ ᠪᠠᠶᠢᠭ᠎ᠠ ᠪᠤᠯ︖       ᠬᠡᠷᠪᠡ ᠲᠠᠨ ᠤ ᠨᠢᠭᠤᠷ ᠴᠢᠨᠢ ᠲᠣᠰᠣᠷᠬᠠᠭ ᠪᠠᠶᠢᠳᠠᠭ ᠪᠣᠯ ᠰᠢᠷ᠎ᠠ ᠦᠰᠦᠨ ᠤ ᠰᠦᠪᠡ ᠲᠣᠮᠣᠷᠠᠵᠤ᠂ ᠨᠢᠭᠤᠷ ᠴᠡᠪᠡᠷᠰᠢᠭᠰᠡᠨ ᠤ ᠳᠠᠷᠠᠭ᠎ᠠ ᠮᠠᠰᠢ ᠲᠦᠷᠭᠡᠨ ᠲᠣᠰᠣ ᠭᠠᠷᠴᠤ᠂ ᠰᠡᠪᠬᠡ ᠭᠠᠷᠬᠤ ᠪᠣᠯᠤᠨ᠎ᠠ  ᠃ ᠠᠩᠬᠠᠷᠬᠤ ᠨᠢ᠄ ᠠᠷᠢᠭᠤᠨ ᠴᠡᠪᠡᠷ ᠢ ᠠᠩᠬᠠᠷᠴᠤ᠂ ᠤᠰᠤᠨ ᠲᠣᠰᠣᠨ ᠤ ᠲᠡᠩᠴᠡᠭᠦᠷᠢ ᠶᠢ ᠪᠠᠲᠤᠯᠠᠵᠤ᠂ ᠰᠡᠪᠬᠡ ᠭᠠᠷᠬᠤ ᠶᠢ ᠰᠡᠷᠭᠡᠶᠢᠯᠡᠬᠦ  ᠬᠡᠷᠡᠭᠲᠠᠢ᠂ ᠭᠠᠷᠠᠭ ᠪᠦᠷᠢ 1᠎ ᠠᠴᠠ 2 ᠤᠳᠠᠭ᠎ᠠ ᠨᠢᠭᠤᠷ ᠢᠶᠠᠨ ᠴᠡᠪᠡᠷᠯᠡᠵᠤ᠂ ᠲᠣᠰᠣᠷᠬᠠᠭ ᠢ ᠠᠷᠢᠯᠭᠠᠬᠤ ᠨᠢᠭᠤᠷ ᠤᠨ ᠨᠠᠭᠠᠯᠳᠠ ᠬᠡᠷᠡᠭᠯᠡᠵᠤ ᠪᠤᠯᠤᠨ᠎ᠠ᠂ ᠭᠡᠬᠦ ᠳᠤ ᠶᠡᠭᠡ ᠬᠡᠮᠵᠢᠶᠡᠨ ᠤ ᠰᠢᠮ᠎ᠡ ᠲᠡᠵᠢᠭᠡᠯ ᠠᠭᠤᠯᠣᠭᠳᠠᠵᠤ ᠪᠠᠶᠢᠭ᠎ᠠ  ᠨᠢᠭᠤᠷ ᠤᠨ  ᠨᠠᠭᠠᠯᠳᠠ ᠶᠢ ᠬᠡᠷᠡᠭᠯᠡᠬᠦ ᠠᠴᠠ ᠵᠠᠶᠢᠯᠠᠰᠬᠢᠬᠦ ᠬᠡᠷᠡᠭᠲᠡᠶ᠃    ᠬᠡᠷᠪᠡ ᠲᠠᠨ ᠤ ᠨᠢᠭᠤᠷ ᠴᠢᠨᠢ ᠬᠠᠭᠤᠷᠠᠢ ᠪᠠᠶᠢᠳᠠᠭ ᠪᠣᠯ᠂ ᠨᠢᠭᠤᠷ ᠢᠶᠠᠨ ᠣᠬᠢᠶᠠᠭᠰᠠᠨ ᠤ ᠳᠠᠷᠠᠭ᠎ᠠ ᠬᠡᠷᠡᠯ ᠬᠢᠯᠪᠠᠭ᠎ᠠ ᠦᠬᠡᠢ᠂ ᠠᠷᠠᠰᠤ ᠠᠮᠠᠷᠬᠠᠨ ᠬᠤᠭᠵᠢᠷᠠᠵᠤ᠂ ᠨᠠᠷᠢᠨ ᠦᠷᠴᠢᠯᠡᠭᠡ ᠭᠠᠷᠴᠤ᠂ ᠤᠯᠠᠷᠢᠯ ᠰᠣᠯᠢᠬᠤ ᠦᠶ᠎ᠡ ᠳᠤ ᠢᠯᠡᠷᠬᠡᠢ ᠪᠠᠶᠢᠳᠠᠭ᠃ ᠠᠩᠬᠠᠷᠬᠤ ᠨᠢ᠄ ᠣᠰᠣᠷᠬᠠᠭ ᠪᠠᠶᠢᠬᠤ ᠪᠠᠷ ᠭᠤᠤᠯ ᠪᠣᠯᠭᠠᠵᠤ᠂ ᠤᠯᠠᠷᠢᠯ ᠰᠣᠯᠢᠬᠤ ᠦᠶᠡᠰ ᠢᠯᠡᠬᠦᠤ ᠠᠩᠬᠠᠷᠬᠤ ᠬᠡᠷᠡᠭᠲᠡᠶ᠃ ᠭᠠᠷᠠᠭ ᠪᠦᠷᠢ 2᠎ ᠠᠴᠠ 3 ᠤᠳᠠᠭ᠎ᠠ s ᠣᠰᠣᠷᠬᠠᠭ ᠨᠢᠭᠤᠷ ᠤᠨ ᠨᠠᠭᠠᠯᠳᠠ ᠬᠡᠷᠡᠭᠯᠡᠵᠤ᠂ ᠨᠢᠭᠤᠷ ᠤᠨ ᠠᠷᠠᠰᠣᠨ  ᠎ ᠤ ᠰᠢᠮ᠎ᠡ ᠲᠡᠵᠢᠬᠡᠯ ᠢ ᠨᠡᠮᠡᠭᠳᠡᠬᠦᠯᠣᠨ᠎ᠡ᠃    ᠬᠡᠷᠪᠡ ᠲᠠᠨ ᠤ ᠨᠢᠭᠤᠷ ᠴᠢᠨᠢ ᠲᠣᠰᠣᠷᠬᠠᠭ ᠪᠢᠰᠢ᠂ ᠬᠠᠭᠤᠷᠠᠢ ᠴᠤ ᠪᠢᠰᠢ᠂ ᠬᠠᠷᠰᠢᠮᠠᠲᠠᠭᠠᠢ ᠴᠢᠨᠠᠷᠲᠠᠢ᠂ ᠠᠮᠠᠷᠬᠠᠨ ᠰᠡᠪᠬᠡ ᠭᠠᠷᠬᠤ ᠦᠭᠡᠢ ᠪᠠᠶᠢᠳᠠᠭ ᠪᠣᠯ ᠨᠢᠭᠤᠷ ᠢᠶᠠᠨ ᠣᠰᠣᠷᠬᠠᠭ᠂ ᠰᠢᠮ᠎ᠡ ᠲᠡᠵᠢᠭᠡᠯ ᠲᠠᠢ ᠪᠠᠶᠢᠯᠭᠠᠪᠠᠯ ᠪᠣᠯᠴᠢᠬᠠᠨ᠎ᠠ᠃ ᠭᠠᠷᠠᠭ ᠪᠦᠷᠢ 1᠎ ᠠᠴᠠ 2 ᠤᠳᠠᠭ᠎ᠠ ᠨᠢᠭᠤᠷ ᠤᠨ ᠡᠩ ᠤᠨ ᠨᠢᠭᠤᠷ ᠤᠨ ᠨᠠᠭᠠᠯᠳᠠ ᠶᠢ ᠰᠣᠩᠭᠤᠵᠤ ᠪᠣᠯᠤᠨ᠎ᠠ᠃         ᠬᠡᠷᠪᠡ ᠲᠠ ᠬᠤᠯᠢᠮᠠᠭ ᠴᠢᠨᠠᠷ  ᠪᠦᠬᠦᠢ ᠠᠷᠠᠰᠤ ᠲᠠᠢ ᠪᠣᠯ᠂ ᠨᠢᠭᠤᠷ ᠢᠶᠠᠨ ᠣᠬᠢᠶᠠᠭᠰᠠᠨ ᠤ ᠳᠠᠷᠠᠭ᠎ᠠ T ᠬᠡᠰᠡᠭ ᠲᠤ ᠠᠮᠠᠷᠬᠠᠨ ᠲᠣᠰᠣ ᠭᠠᠷᠳᠠᠭ᠂ ᠪᠤᠰᠤᠳ ᠭᠠᠵᠠᠷ ᠲᠤ ᠠᠮᠠᠷᠬᠠᠨ ᠬᠠᠭᠤᠷᠠᠶᠢᠰᠢᠵᠤ ᠬᠤᠭᠵᠢᠷᠠᠳᠠᠭ᠃ ᠠᠩᠬᠠᠷᠬᠤ ᠨᠢ᠄ ᠤᠰᠤᠨ ᠲᠣᠰᠣᠨ ᠤ ᠲᠡᠩᠴᠡᠭᠦᠷᠢ ᠶᠢ ᠲᠣᠬᠢᠷᠠᠭᠤᠯᠤᠨ᠎ᠠ᠂᠂ ᠭᠠᠷᠠᠭ ᠪᠦᠷᠢ 2᠎ ᠠᠴᠠ 3 ᠤᠳᠠᠭ᠎ᠠ ᠤᠰᠤ ᠨᠥᠬᠦᠪᠥᠷᠢᠯᠡᠬᠦ ᠨᠢᠭᠤᠷ ᠤᠨ ᠨᠠᠭᠠᠯᠳᠠ ᠬᠡᠷᠡᠭᠯᠡᠵᠤ᠂ T ᠬᠡᠰᠡᠭ ᠲᠤ ᠴᠡᠪᠡᠷᠰᠢᠬᠦᠯᠬᠦ ᠲᠣᠰᠣ ᠠᠷᠢᠯᠭᠠᠬᠤ ᠨᠢᠭᠤᠷ ᠤᠨ ᠨᠠᠭᠠᠯᠳᠠ ᠬᠡᠷᠡᠭᠯᠡᠪᠡᠯ ᠵᠣᠬᠢᠨ᠎ᠠ᠃ ᠲᠠᠨ ᠤ ᠨᠢᠭᠤᠷ ᠴᠢᠨᠢ ᠬᠡᠷᠪᠡ ᠬᠠᠷᠰᠢᠮᠠᠲᠠᠭᠠᠢ ᠴᠢᠨᠠᠷᠲᠠᠢ ᠪᠠᠶᠢᠳᠠᠭ ᠪᠣᠯ ᠠᠮᠠᠷᠬᠠᠨ ᠤᠯᠠᠶᠢᠬᠤ᠂ ᠠᠮᠠᠷᠬᠠᠨ ᠬᠠᠷᠰᠢᠬᠤ ᠪᠣᠯᠤᠨ᠎ᠠ᠃ ᠠᠩᠬᠠᠷᠬᠤ ᠨᠢ᠄ ᠠᠮᠤᠷ ᠲᠦᠪᠰᠢᠨ᠂  ᠵᠥᠭᠡᠯᠡᠨ ᠦᠢᠯᠡᠳᠬᠦᠨ ᠢ ᠬᠡᠷᠡᠭᠯᠡᠨ᠎ᠡ᠂ ᠭᠠᠷᠠᠭ ᠪᠦᠷᠢ 2᠎ ᠠᠴᠠ 3 ᠤᠳᠠᠭ᠎ᠠ ᠨᠢᠭᠤᠷ ᠤᠨ ᠬᠠᠷᠰᠢᠬᠤ ᠠᠴᠠ ᠰᠡᠷᠬᠡᠶᠢᠯᠡᠬᠦ ᠨᠢᠭᠤᠷ ᠤᠨ ᠨᠠᠭᠠᠯᠳᠠ ᠬᠡᠷᠡᠭᠯᠡᠵᠤ᠂ ᠨᠢᠭᠤᠷ ᠤᠨ ᠣᠰᠣᠷᠬᠠᠭ ᠪᠠᠶᠢᠬᠤ ᠢ ᠪᠠᠲᠤᠯᠠᠬᠤ ᠶᠢ ᠰᠠᠨᠠᠭᠤᠯᠤᠶ᠎ᠠ᠃
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ