ᠰᠢᠷ᠎ᠠ ᠬᠠᠪᠳᠠᠰᠤ ᠶᠢ ᠠᠰᠢᠭᠯᠠᠨ ᠬᠦᠨᠦᠬᠡᠯᠳᠦ ᠰᠢᠪᠡᠵᠢ ᠶᠢ ᠦᠳᠦᠬᠡᠨ ᠠᠯᠠᠬᠤ ᠠᠷᠭ᠎ᠠ
ᠨᠡᠶᠢᠲᠡᠯᠡᠭᠰᠡᠨ ᠴᠠᠭ᠄
2022/7/1
     ᠤᠨᠴᠠᠭᠠᠢ ᠬᠡᠷᠡᠯ ᠤᠨ ᠰᠢᠷ᠎ᠠ ᠦᠩᠭᠡ ᠲᠠᠢ ᠴᠠᠪᠠᠤᠯᠢᠭ ᠡᠳ᠋ ︵ᠰᠢᠷ᠎ᠠ ᠲᠤᠰᠤ ᠵᠡᠷᠭᠡ ᠲᠤᠰᠬᠠᠢ ᠬᠡᠷᠡᠭᠯᠡᠬᠦ ᠴᠠᠪᠠᠤᠯᠢᠭ ᠡᠳ᠋︶᠎ ᠪᠠᠷ ᠦᠢᠯᠡᠳᠦᠭᠰᠡᠨ ᠬᠦᠨᠦᠬᠡᠯᠳᠦ ᠰᠢᠪᠡᠵᠢ ᠶᠢ ᠦᠳᠦᠬᠡᠨ ᠪᠠᠷᠢᠬᠤ ᠰᠢᠷ᠎ᠠ ᠨᠢᠯᠳᠠᠭ ᠪᠠᠭᠠᠵᠢ ︵ᠲᠦᠬᠦᠮᠴᠢᠯᠡᠭᠡᠳ ᠰᠢᠷ᠎ᠠ ᠬᠠᠪᠳᠠᠰᠤ ᠬᠡᠳᠡᠭ︶᠎ ᠨᠢ ᠫᠢᠽᠢᠺ ᠤᠨ ᠠᠷᠭ᠎ᠠ ᠪᠠᠷ ᠬᠦᠨᠦᠬᠡᠯᠳᠦ ᠰᠢᠪᠡᠵᠢ ᠶᠢ ᠦᠳᠦᠬᠡᠵᠦ ᠠᠯᠠᠳᠠᠭ᠃ ᠬᠦᠯᠡᠮᠵᠢ ᠲᠤᠳᠤᠷ᠎ᠠ ᠬᠦᠨᠦᠬᠡᠯᠳᠦ ᠰᠢᠪᠡᠵᠢ ᠶᠢ ᠡᠯᠬᠦᠪᠡᠯ ᠪᠠᠭᠠᠷᠠᠩ ᠬᠤᠷᠤᠬᠠᠢ᠂ ᠠᠮᠧᠷᠢᠺᠠ ᠲᠢᠪ ᠤᠨ ᠲᠤᠯᠪᠤᠳᠤ ᠨᠢᠭᠤᠭᠳᠠᠮᠠᠯ ᠢᠯᠠᠭ᠎ᠠ᠂ ᠴᠠᠭᠠᠨ ᠲᠡᠯᠡᠭᠴᠢ ᠵᠡᠷᠭᠡ ᠬᠦᠨᠦᠬᠡᠯᠳᠦ ᠰᠢᠪᠡᠵᠢ ᠶᠢᠨ ᠲᠦᠷᠰᠦ ᠶᠢᠨ ᠡᠬᠦᠰᠬᠦ ᠪᠠᠶᠢᠳᠠᠯ ᠢ ᠬᠢᠨᠠᠨ ᠬᠡᠮᠵᠢᠵᠦ᠂ ᠢᠳᠡᠰᠢᠨ ᠨᠤᠭᠤᠭ᠎ᠠ ᠶᠢᠨ ᠪᠠᠭᠠᠷᠠᠩ ᠬᠤᠷᠤᠬᠠᠢ᠂ ᠲᠤᠯᠪᠤᠳᠤ ᠨᠢᠭᠤᠭᠳᠠᠮᠠᠯ ᠢᠯᠠᠭ᠎ᠠ᠂ ᠴᠠᠭᠠᠨ ᠲᠡᠯᠡᠭᠴᠢ ᠵᠡᠷᠭᠡ ᠬᠦᠨᠦᠬᠡᠯᠳᠦ ᠰᠢᠪᠡᠵᠢ ᠶᠢ ᠪᠦᠳᠦᠮᠵᠢᠳᠡᠢ ᠰᠡᠷᠬᠡᠶᠢᠯᠡᠨ ᠵᠠᠰᠠᠵᠤ ᠴᠢᠳᠠᠬᠤ ᠮᠦᠷᠳᠡᠬᠡᠨ ᠴᠠᠭᠠᠨ ᠲᠡᠯᠡᠭᠴᠢ ᠵᠡᠷᠭᠡ ᠬᠦᠨᠦᠬᠡᠯᠳᠦ ᠰᠢᠪᠡᠵᠢ ᠶᠢᠨ ᠸᠢᠷᠦ᠋ᠰᠳᠦ ᠡᠪᠡᠳᠴᠢᠨ ᠲᠠᠷᠭᠠᠬᠠᠬᠤ ᠶᠢ ᠰᠡᠷᠬᠡᠶᠢᠯᠡᠵᠦ ᠴᠢᠳᠠᠨ᠎ᠠ᠃      ᠪᠠᠭᠠᠷᠠᠩ ᠬᠤᠷᠤᠬᠠᠢ ᠶᠢ ᠠᠯᠠᠬᠤ ᠳᠤ 32 — 40cm ᠦᠨᠳᠦᠷ ᠲᠤ ᠲᠤᠬᠢᠷᠠᠭᠤᠯᠵᠤ᠂ ᠰᠢᠷ᠎ᠠ ᠰᠤᠳᠠᠯᠳᠤ ᠦᠰᠦᠷᠦᠭᠴᠢ ᠴᠤᠬᠤ ᠪᠠ ᠲᠤᠯᠪᠤᠳᠤ ᠨᠢᠭᠤᠭᠳᠠᠮᠠᠯ ᠢᠯᠠᠭ᠎ᠠ ᠶᠢ ᠠᠯᠠᠬᠤ ᠳᠤ 4 — 20cm ᠦᠨᠳᠦᠷ ᠲᠤ ᠲᠤᠬᠢᠷᠠᠭᠤᠯᠤᠨ᠎ᠠ᠃ ᠢᠳᠡᠰᠢᠨ ᠨᠤᠭᠤᠭ᠎ᠠ ᠶᠢᠨ ᠲᠠᠷᠢᠶᠠᠨ ᠳᠠᠬᠢ ᠲᠠᠷᠤᠯᠭ᠎ᠠ ᠶᠢ ᠬᠠᠮᠠᠭᠠᠯᠠᠵᠤ᠂ ᠰᠢᠷ᠎ᠠ ᠬᠠᠪᠳᠠᠰᠤᠨ ᠤ ᠮᠦᠯᠵᠢᠭᠳᠡᠭᠴᠢ ᠵᠦᠬᠡᠢ ᠳᠠᠬᠢ ᠨᠦᠯᠦᠬᠡ ᠶᠢ ᠪᠠᠭᠠᠰᠬᠠᠬᠤ ᠶᠢᠨ ᠲᠦᠯᠦᠬᠡ᠂ ᠰᠢᠷ᠎ᠠ ᠬᠠᠪᠳᠠᠰᠤ ᠶᠢ 12 — 28cm ᠦᠨᠳᠦᠷ ᠲᠤ ᠲᠤᠬᠢᠷᠠᠭᠤᠯᠪᠠᠯ ᠬᠠᠮᠤᠭ ᠰᠠᠶᠢᠨ ᠪᠠᠶᠢᠳᠠᠭ᠃ ᠡᠯᠬᠦᠬᠦ ᠠᠷᠭ᠎ᠠ᠄ 1. ᠰᠦᠯᠢᠶᠤᠤ ᠲᠡᠭᠡᠰᠦ ᠪᠤᠶᠤ ᠲᠡᠮᠦᠷ ᠤᠳᠠᠰᠤᠨ ᠤ ᠨᠢᠬᠡ ᠦᠵᠦᠬᠦᠷ ᠢ ᠲᠤᠯᠠᠭᠠᠨ ᠬᠦᠯᠡᠮᠵᠢ ᠶᠢᠨ ᠤᠷᠤᠢ ᠳᠤ ᠲᠤᠭᠳᠠᠭᠠᠵᠤ᠂ ᠨᠦᠬᠦᠬᠡ ᠦᠵᠦᠬᠦᠷ ᠢ ᠨᠢ ᠰᠢᠪᠡᠵᠢ ᠪᠠᠷᠢᠬᠤ ᠬᠠᠪᠳᠠᠰᠤᠨ ᠤ ᠤᠷᠢᠳᠴᠢᠯᠡᠨ ᠦᠯᠡᠳᠡᠬᠡᠭᠰᠡᠨ ᠨᠦᠬᠡᠨ ᠠᠴᠠ ᠤᠶᠠᠨ᠎ᠠ᠃ 2. ᠬᠤᠯᠤᠰᠤᠨ ᠡᠰᠢ ᠪᠤᠶᠤ ᠰᠢᠳᠠᠮ ᠢᠶᠠᠨ ᠭᠠᠵᠠᠷ ᠲᠤ ᠬᠠᠳᠬᠤᠨ ᠤᠷᠤᠭᠤᠯᠵᠤ᠂ ᠰᠢᠪᠡᠵᠢ ᠪᠠᠷᠢᠬᠤ ᠬᠠᠪᠳᠠᠰᠤ ᠪᠠᠨ ᠬᠤᠯᠤᠰᠤᠨ ᠡᠰᠢ ᠪᠤᠶᠤ ᠰᠢᠳᠡᠮ ᠲᠡᠭᠡᠷ᠎ᠡ ᠲᠤᠭᠳᠠᠭᠠᠨ᠎ᠠ᠃ ᠰᠢᠷ᠎ᠠ ᠬᠠᠪᠳᠠᠰᠤ ᠪᠠᠷ ᠲᠠᠯᠠᠪᠴᠢᠳᠤ ᠪᠠᠭᠠᠷᠠᠩ ᠢ ᠦᠳᠦᠬᠡᠨ ᠠᠯᠠᠬᠤ ᠳᠤ 667 ᠲᠡᠭᠰᠢ ᠲᠦᠷᠪᠡᠯᠵᠢᠨ ᠮᠧᠳ᠋ᠷ ᠪᠦᠷᠢ ᠳᠤ 30 ᠬᠡᠰᠡᠭ ᠪᠠᠶᠢᠪᠠᠯ ᠦᠳᠦᠬᠡᠨ ᠠᠯᠠᠬᠤ ᠦᠷ᠎ᠡ ᠳ᠋ᠦᠩ ᠨᠢ ᠬᠠᠮᠤᠭ ᠬᠠᠨᠤᠮᠵᠢᠳᠠᠢ᠃
ᠢᠷᠡᠯᠲᠡ᠄ ᠲᠠᠯᠠᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ