ᠬᠤᠨᠢᠨ ᠤ ᠰᠢᠬᠡᠰᠦᠨ ᠵᠠᠮ ᠤᠨ ᠴᠢᠯᠠᠭᠤᠵᠢᠯ ᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2022/7/1
     1᠂ ᠬᠠᠯᠳᠠᠪᠦᠷᠢᠯᠠᠯ ᠤᠨ ᠴᠢᠨᠠᠷᠳᠡᠢ ᠰᠢᠯᠳᠠᠭᠠᠨ᠄ ᠰᠢᠬᠡᠰᠦ ᠱᠦᠬᠦᠷᠡᠬᠦᠯᠬᠦ ᠰᠢᠰᠲ᠋ᠧᠮ ᠤᠨ ᠬᠠᠯᠳᠠᠪᠦᠷᠢ ᠨᠢ ᠰᠢᠬᠡᠰᠦᠨ ᠤ ᠴᠢᠯᠠᠭᠤᠵᠢᠯ ᠡᠬᠦᠰᠬᠦ ᠪᠣᠯᠣᠮᠵᠢ ᠶᠢ ᠶᠡᠬᠡᠰᠬᠡᠨ᠎ᠡ᠃ ᠪᠦᠬᠡᠷ᠎ᠡ ᠪᠠ ᠰᠢᠬᠡᠰᠦᠨ ᠵᠠᠮ ᠤᠨ ᠬᠠᠯᠳᠠᠪᠦᠷᠢ ᠨᠢ ᠰᠢᠬᠡᠰᠦᠨ ᠲᠠᠬᠢ ᠦᠷᠪᠢᠰᠦᠯ ᠤᠨ ᠴᠢᠨᠠᠷᠳᠡᠢ ᠡᠬᠦᠰᠦᠮᠡᠯ ᠪᠣᠳᠠᠰ ᠤᠨ ᠬᠤᠷᠠᠮᠳᠣᠬᠤ ᠶᠢ ᠠᠬᠢᠭᠤᠯᠣᠨ ᠂ ᠰᠢᠬᠡᠰᠦᠨ ᠤ ᠴᠢᠯᠠᠭᠤᠵᠢᠯ ᠡᠬᠦᠰᠬᠦ ᠶᠢᠨ ᠭᠤᠣᠯ ᠰᠢᠯᠳᠠᠭᠠᠨ ᠪᠣᠯᠣᠨ᠎ᠠ᠃      2᠂ ᠣᠰᠣ ᠣᠣᠭᠤᠬᠤ ᠨᠢ ᠬᠦᠢᠴᠡᠳ ᠪᠣᠰᠣ᠄ ᠣᠰᠣᠨ ᠤ ᠮᠠᠬᠨᠢ ᠪᠠ ᠲᠠᠪᠣᠰᠣᠨ ᠤ ᠲᠦᠷᠦᠯ ᠨᠡᠯᠢᠶᠡᠳ ᠣᠯᠠᠨ ᠠᠭᠤᠯᠣᠬᠳᠠᠵᠦ ᠰᠢᠬᠡᠰᠦᠨ ᠤ ᠴᠢᠯᠠᠭᠤᠵᠢᠯ ᠢ ᠡᠬᠦᠰᠬᠡᠨ᠎ᠡ᠃ ᠡᠬᠦᠨ ᠤ ᠬᠠᠮᠳᠦ ᠣᠰᠣ ᠣᠣᠭᠤᠬᠤ ᠨᠢ ᠬᠦᠢᠴᠡᠳ ᠪᠣᠰᠣ ᠠᠴᠠ ᠰᠢᠬᠡᠰᠤᠨ ᠤ ᠦᠤᠡᠬᠡᠴᠨ ᠬᠡᠳᠦᠷᠬᠡᠢ ᠦᠡᠳᠦᠷ ᠪᠣᠯᠵᠣ ᠴᠢᠯᠠᠭᠤᠵᠢᠯ ᠡᠬᠦᠰᠦᠨ᠎ᠡ᠃      3᠂ ᠬᠤᠨᠤᠭ ᠤᠨ ᠪᠣᠷᠳᠤᠭ᠎ᠠ ᠶᠢᠨ ᠰᠢᠯᠳᠠᠭᠠᠨ᠄ ᠪᠣᠷᠳᠣᠭᠠᠨ ᠳᠤ ᠸᠢᠲ᠋ᠠᠮᠢᠨ A ᠲᠣᠳᠠᠭᠤ᠂ ᠣᠡᠴᠠᠭᠠᠶᠢᠢᠯᠠᠨ ᠪᠣᠯᠪᠠᠰᠣᠷᠠᠭᠤᠯᠣᠬᠰᠠᠨ ᠦᠬᠡᠢ ᠬᠦᠪᠦᠩ ᠤᠨ ᠦᠷ᠎ᠡ ᠶᠢᠨ ᠰᠢᠬᠠᠮᠠᠯ ᠢᠶᠠᠷ ᠣᠷᠳᠦ ᠬᠤᠭᠤᠴᠠᠭ᠎ᠠ ᠲᠡᠵᠢᠬᠡᠪᠡᠯ ᠰᠢᠬᠡᠰᠦᠨ ᠵᠠᠮ ᠤᠨ ᠴᠢᠯᠠᠭᠤᠵᠢᠯ ᠡᠬᠦᠰᠦᠨ᠎ᠡ᠃ ᠪᠣᠷᠳᠣᠭᠠᠨ ᠤ ᠺᠠᠯᠽ ᠹᠣᠰᠹᠣᠷ ᠤᠨ ᠬᠠᠷᠢᠴᠠᠯ ᠨᠢ ᠲᠣᠬᠢᠷᠠᠮᠵᠢ ᠦᠬᠡᠢ ᠨᠢ ᠪᠠᠰᠠ ᠰᠢᠬᠡᠰᠦᠨ ᠤ ᠴᠢᠯᠠᠭᠤᠵᠢᠯ ᠡᠬᠦᠰᠬᠦ ᠶᠢᠨ ᠭᠤᠣᠯ ᠰᠢᠯᠳᠠᠭᠠᠨ ᠪᠣᠯᠣᠨ᠎ᠠ᠃      4᠂ ᠰᠢᠨ᠎ᠡ ᠬᠠᠭᠤᠴᠢᠨ ᠤ ᠰᠣᠯᠢᠯᠴᠠᠭ᠎ᠠ ᠶᠢᠨ ᠰᠠᠮᠠᠭᠤᠷᠠᠯ᠄ ᠬᠤᠨᠢᠨ ᠤ ᠪᠡᠶ᠎ᠡ ᠲᠠᠬᠢ ᠵᠠᠷᠢᠮ ᠪᠣᠯᠴᠢᠷᠬᠠᠢ ᠶᠢᠨ ᠠᠵᠢᠯᠯᠠᠭ᠎ᠠ ᠬᠡᠪ ᠤᠨ ᠪᠣᠰᠣ ᠠᠴᠠ ᠪᠣᠯᠵᠣ ᠰᠢᠬᠡᠰᠦᠨ ᠵᠠᠮ ᠤᠨ ᠴᠢᠯᠠᠭᠤᠵᠢᠯ ᠢ ᠡᠬᠦᠰᠬᠡᠬᠦ ᠪᠣᠶᠣ ᠬᠠᠮᠢᠶ᠎ᠠ ᠪᠦᠬᠦᠢ ᠢᠶᠣᠨ ᠤ ᠦᠳᠬᠡᠴᠡ ᠶᠢᠨ ᠬᠤᠪᠢᠷᠠᠯᠳᠠ ᠡᠬᠦᠰᠬᠡᠬᠦ ᠠᠴᠠ ᠰᠢᠬᠡᠰᠦᠨ ᠵᠠᠮ ᠤᠨ ᠴᠢᠯᠠᠭᠤᠵᠢᠯ ᠢ ᠡᠬᠦᠰᠬᠡᠨ᠎ᠡ᠃      5᠂ ᠬᠦᠩᠬᠡᠯᠡᠬᠦ ᠵᠠᠰᠠᠯ ᠬᠢᠭᠰᠡᠨ ᠡᠰᠡᠬᠦ ᠪᠠ ᠴᠢᠨᠠᠷ ᠤᠨ ᠢᠯᠭᠠᠯ᠄ ᠡᠮᠴᠢᠯᠡᠬᠡᠨ ᠳᠤ ᠡᠷ᠎ᠡ ᠬᠤᠨᠢᠨ ᠤ ᠰᠢᠬᠡᠰᠦᠨ ᠵᠠᠮ ᠤᠨ ᠴᠢᠯᠠᠭᠤᠵᠢᠯ ᠡᠬᠦᠰᠬᠦ ᠨᠣᠷᠮ᠎ᠠ ᠨᠢ ᠡᠮ᠎ᠡ ᠬᠤᠨᠢ ᠠᠴᠠ ᠦᠡᠳᠦᠷ ᠪᠠᠶᠢᠳᠠᠭ᠃ ᠡᠨᠡ ᠨᠢ ᠡᠷ᠎ᠡ ᠬᠤᠨᠢ ᠪᠠ ᠡᠮ᠎ᠡ ᠬᠤᠨᠢᠨ ᠤ ᠰᠢᠬᠡᠰᠦ ᠱᠦᠬᠦᠷᠡᠬᠦᠯᠬᠦ ᠵᠠᠮ ᠤᠨ ᠪᠦᠳᠦᠴᠡ ᠶᠢᠨ ᠠᠳᠠᠯᠢ ᠪᠣᠰᠣ ᠠᠴᠠ ᠪᠣᠯᠵᠠᠢ᠃ ᠡᠷ᠎ᠡ ᠬᠤᠨᠢᠨ ᠤ ᠰᠢᠬᠡᠰᠦᠨ ᠵᠠᠮ ᠨᠢ ᠬᠢᠳᠠᠳ ᠦᠰᠦᠭ ᠤᠨ ︽乙︾ ᠬᠡᠯᠪᠡᠷᠢᠳᠡᠢ ᠮᠣᠷᠣᠢ ᠪᠠᠶᠢᠵᠣ᠂ ᠡᠮ᠎ᠡ ᠬᠤᠨᠢ ᠲᠠᠢ ᠠᠳᠠᠯᠢᠳᠬᠠᠪᠠᠯ ᠰᠢᠬᠡᠰᠦ ᠱᠦᠬᠦᠷᠡᠬᠦᠯᠬᠦ ᠨᠢ ᠪᠣᠳᠣᠯᠢᠶᠠᠨ ᠲᠠᠢ ᠵᠠᠮ ᠢ ᠦᠩᠬᠡᠷᠡᠬᠡᠳᠡᠭ᠃ ᠲᠠᠶᠢᠮᠦ ᠠᠴᠠ ᠲᠦᠢᠯ ᠤᠨ ᠵᠢᠵᠢᠭ ᠴᠢᠯᠠᠭᠤᠵᠢᠯ ᠨᠢ ᠠᠮᠠᠷᠬᠠᠨ ᠰᠢᠬᠡᠰᠦᠨ ᠵᠠᠮ ᠢ ᠪᠦᠭᠯᠡᠳᠡᠭ᠃ ᠬᠦᠩᠬᠡᠯᠡᠬᠦ ᠵᠠᠰᠠᠯ ᠬᠢᠭᠰᠡᠨ ᠬᠤᠨᠢᠨ ᠤ ᠰᠢᠬᠡᠰᠦᠨ ᠵᠠᠮ ᠤᠨ ᠴᠢᠯᠠᠭᠤᠵᠢᠯ ᠡᠬᠦᠰᠬᠡᠬᠦ ᠨᠣᠷᠮ᠎ᠠ ᠨᠢ ᠬᠦᠩᠬᠡᠯᠡᠭᠰᠡᠨ ᠦᠬᠡᠢ ᠬᠤᠨᠢᠨ ᠠᠴᠠ ᠦᠨᠳᠦᠷ ᠪᠠᠶᠢᠳᠠᠭ᠃ ᠡᠨᠡ ᠨᠢ ᠬᠦᠩᠬᠡᠯᠡᠬᠦ ᠵᠠᠰᠠᠯ ᠬᠢᠭᠰᠡᠨ ᠤ ᠲᠠᠷᠠᠭ᠎ᠠ ᠬᠤᠨᠢ ᠨᠢ ᠡᠷ᠎ᠡ ᠬᠤᠷᠮᠣᠨ ᠱᠦᠬᠦᠷᠡᠬᠦᠯᠵᠦ ᠴᠢᠳᠠᠬᠤ ᠦᠬᠡᠢ ᠪᠣᠯᠵᠣ ᠰᠢᠬᠡᠰᠦᠨ ᠵᠠᠮ ᠤᠨ ᠪᠤᠶᠢᠵᠢᠯᠳᠠ ᠪᠦᠷᠢᠨ ᠪᠣᠰᠣ ᠠᠴᠠ ᠪᠣᠯᠵᠣ ᠢᠪᠴᠣᠣ ᠰᠢᠬᠡᠰᠦᠨ ᠵᠠᠮ ᠨᠡᠩ ᠠᠮᠠᠷᠬᠠᠨ ᠪᠦᠭᠯᠡᠷᠡᠳᠡᠭ᠃
ᠢᠷᠡᠯᠲᠡ᠄ ᠲᠠᠯᠠᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ