| ᠬᠡᠷᠡᠭ ᠤᠨ ᠵᠢᠱᠢᠶ᠎ᠡ᠄ 2001 ᠤᠨ ᠤ 12 ᠰᠠᠷ᠎ᠠ ᠶᠢᠨ 28 ᠤ ᠡᠳᠤᠷ᠂ ᠮᠠᠯᠴᠢᠨ ᠳᠠᠯᠠᠢ ᠮᠢᠶᠤᠤ ᠤᠪᠤᠭᠳᠤ ᠲᠠᠢ ︽ᠨᠤᠲᠤᠭ ᠪᠡᠯᠴᠢᠭᠡᠷ ᠢ | ᠳᠠᠭᠠᠭᠠᠭᠴᠢᠯᠠᠨ ᠡᠵᠡᠩᠨᠡᠬᠦ ᠭᠡᠷ᠎ᠡ︾ ᠲᠤᠭᠲᠠᠭᠰᠠᠨ ᠪᠠᠶᠢᠨ᠎ᠠ᠃ ᠲᠠᠷᠤᠢ ᠳᠠᠯᠠᠢ ᠦᠪᠡᠷ ᠤᠨ ᠳᠠᠭᠠᠭᠠᠴᠢᠯᠠᠨ ᠡᠵᠡᠩᠨᠡᠵᠤ ᠪᠠᠶᠢᠭ᠎ᠠ 800 ᠮᠦ ᠨᠤᠳᠤᠭ ᠪᠡᠯᠴᠢᠭᠡᠷ ᠢᠶᠠᠨ | 25 ᠵᠢᠯ ᠤᠨ ᠬᠤᠭᠤᠴᠠᠭ᠎ᠠ ᠲᠠᠢ ᠪᠠᠷ ᠮᠢᠶᠤᠤ ᠤᠪᠤᠭᠳᠤ ᠳᠤ ᠳᠠᠭᠠᠭᠠᠴᠢᠯᠠᠨ ᠦᠭᠭᠦᠭᠰᠡᠨ ᠪᠠᠶᠢᠨ᠎ᠠ᠃ 2016 ᠤᠨ ᠳᠤ ᠳᠠᠯᠠᠢ ᠤᠯᠵᠤ ᠮᠡᠳᠡᠭᠰᠡᠨ ᠨᠢ ᠲᠡᠭᠦᠨ ᠤ | ᠨᠤᠲᠤᠭ ᠪᠡᠯᠴᠢᠭᠡᠷ ᠤᠨ ᠳᠠᠭᠠᠭᠠᠴᠢᠯᠠᠨ ᠡᠵᠩᠨᠡᠬᠦ ᠡᠷᠬᠡ ᠶᠢᠨ ᠳᠡᠪᠲᠡᠷ ᠳᠡᠭᠡᠷᠡᠬᠢ ᠳᠠᠭᠠᠭᠠᠴᠢᠯᠠᠨ ᠡᠵᠡᠩᠨᠡᠭᠴᠢ ᠶᠢᠨ ᠨᠡᠷ᠎ᠡ ᠨᠢ ᠨᠢᠭᠡᠨᠳᠡ ᠮᠢᠶᠤᠤ ᠤᠪᠤᠭᠳᠤ ᠪᠤᠯᠵᠤ | ᠬᠤᠪᠢᠷᠠᠭᠰᠠᠨ ᠪᠠᠶᠢᠯ᠎ᠠ᠃ ᠳᠠᠯᠠᠢ ᠦᠪᠡᠷ ᠤᠨ ᠬᠠᠤᠯᠢ ᠶᠤᠰᠤᠨ ᠤ ᠡᠷᠬᠡ ᠠᠰᠢᠭ ᠢᠶᠠᠨ ᠬᠠᠮᠠᠭᠠᠯᠠᠬᠤ ᠶᠢᠨ ᠲᠦᠯᠦᠭᠡ ᠲᠠᠷᠤᠢ ᠲᠦᠷᠭᠡᠨ ᠤᠷᠳᠤᠰ ᠬᠤᠲᠠ ᠶᠢᠨ | ᠠᠷᠠᠳ ᠤᠨ ᠵᠠᠰᠠᠭ ᠤᠨ ᠤᠷᠳᠤᠨ ᠳᠤ ᠵᠠᠰᠠᠭ ᠵᠠᠬᠢᠷᠭᠠᠨ ᠤ ᠳᠠᠬᠢᠨ ᠵᠥᠪᠯᠡᠬᠦ ᠭᠤᠶᠤᠴᠢᠯᠠᠯ ᠳᠡᠪᠰᠢᠭᠦᠯᠵᠤ ᠮᠢᠶᠤᠤ ᠤᠪᠤᠭᠲᠤ ᠶᠢᠨ ᠭᠠᠷ ᠲᠤ ᠪᠠᠶᠢᠭ᠎ᠠ ᠡᠨᠡᠬᠦ ᠨᠤᠲᠤᠭ | ᠪᠡᠯᠴᠢᠭᠡᠷ ᠤᠨ ᠳᠠᠭᠠᠭᠠᠴᠢᠯᠠᠨ ᠡᠵᠩᠨᠡᠬᠦ ᠡᠷᠬᠡ ᠶᠢᠨ ᠳᠡᠪᠲᠡᠷ ᠢ ᠦᠭᠡᠶᠢᠰᠭᠡᠬᠦ ᠶᠢ ᠵᠤᠷᠢᠪᠠ᠃ | ᠭᠡᠪᠡᠴᠤ 2016 ᠤᠨ ᠤ 12 ᠰᠠᠷ᠎ᠠ ᠶᠢᠨ 21 ᠤ ᠡᠳᠤᠷ ᠤᠷᠳᠤᠰ ᠬᠤᠲᠠ ᠶᠢᠨ ᠠᠷᠠᠳ ᠤᠨ ᠵᠠᠰᠠᠭ ᠤᠨ ᠤᠷᠳᠤᠨ ᠠᠴᠠ ᠰᠢᠢᠳᠪᠦᠷᠢ ᠪᠢᠴᠢᠭ ᠪᠠᠭᠤᠯᠭᠠᠨ | ᠳᠠᠯᠠᠢ ᠶᠢᠨ ᠵᠠᠰᠠᠭ ᠵᠠᠬᠢᠷᠭᠠᠨ ᠤ ᠳᠠᠬᠢᠨ ᠵᠥᠪᠯᠡᠬᠦ ᠭᠤᠶᠤᠴᠢᠯᠠᠯ ᠢ ᠨᠢᠴᠤᠭᠠᠭᠰᠠᠨ ᠪᠠᠶᠢᠨ᠎ᠠ᠃ ᠡᠭᠦᠨ ᠠᠴᠠ ᠪᠤᠯᠵᠤ ᠳᠠᠯᠠᠢ ᠶᠢᠨ 800 ᠮᠦ ᠨᠤᠲᠤᠭ ᠪᠡᠯᠴᠢᠭᠡᠷ ᠤᠨ | ᠳᠠᠭᠠᠭᠠᠴᠢᠯᠠᠨ ᠡᠵᠡᠩᠨᠡᠬᠦ ᠡᠷᠬᠡ ᠨᠢ ᠬᠠᠤᠯᠢ ᠪᠤᠰᠤ ᠬᠠᠯᠳᠠᠯᠠᠭᠠ ᠳᠤ ᠤᠴᠠᠷᠠᠭᠰᠠᠨ ᠪᠠᠶᠢᠨ᠎ᠠ᠃ ᠲᠡᠭᠡᠪᠡᠯ ᠲᠤᠰ ᠬᠡᠷᠡᠭ ᠲᠤ ᠶᠠᠭᠤᠨ ᠤ ᠤᠴᠢᠷ ᠠᠴᠠ ᠲᠠᠯᠠᠢ ᠶᠢᠨ | ᠮᠢᠶᠤᠤ ᠤᠪᠤᠭᠳᠤ ᠳᠤ ᠲᠦᠷᠢᠶᠡᠰᠦᠯᠡᠭᠦᠯᠦᠭᠰᠡᠨ 800 ᠮᠦ ᠨᠤᠲᠤᠭ ᠪᠡᠯᠴᠢᠭᠡᠷ ᠨᠢ ᠡᠴᠤᠰ ᠲᠡᠭᠡᠨ ᠰᠢᠯᠵᠢᠭᠦᠯᠦᠨ ᠦᠭᠭᠦᠭᠰᠡᠨ ᠦᠷ᠎ᠡ ᠳ᠋ᠦᠩ ᠭᠠᠷᠤᠭᠰᠠᠨ ᠪᠤᠢ︖ | ᠬᠠᠤᠯᠢᠴᠢ ᠶᠢᠨ ᠵᠠᠳᠠᠯᠤᠯᠲᠠ᠄ ᠶᠠᠭᠤᠨ ᠤ ᠡᠮᠤᠨ᠎ᠡ᠂ ᠳᠠᠯᠠᠢ ᠶᠢᠨ ᠨᠤᠲᠤᠭ ᠪᠡᠯᠴᠢᠭᠡᠷ ᠲᠦᠷᠢᠶᠡᠰᠦᠯᠡᠨ ᠦᠭᠬᠦ ᠭᠡᠷ᠎ᠡ ᠪᠢᠴᠢᠭ ᠤᠨ ᠰᠢᠨᠵᠢ ᠴᠢᠨᠠᠷ ᠲᠤ ᠬᠠᠤᠯᠢ ᠶᠢᠨ | ᠲᠠᠯ᠎ᠠ ᠠᠴᠠ ᠬᠢᠨᠠᠨ ᠲᠤᠭᠲᠠᠭᠠᠯᠲᠠ ᠬᠢᠬᠦ ᠬᠡᠷᠡᠭᠲᠠᠢ᠃ ᠲᠤᠰ ᠬᠡᠷᠡᠭ ᠤᠨ ᠲᠤᠬᠠᠢ ᠶᠢᠨ ᠬᠦᠮᠦᠨ ᠳᠠᠯᠠᠢ ᠶᠢᠨ ᠤᠭ ᠰᠠᠨᠠᠭᠠᠨ ᠤ ᠢᠯᠡᠳᠬᠡᠯᠲᠡ ᠪᠤᠯ ᠲᠠᠷᠤᠢ ᠦᠪᠡᠷ ᠤᠨ | ᠨᠤᠲᠤᠭ ᠪᠡᠯᠴᠢᠭᠡᠷ ᠢᠶᠠᠨ ᠮᠢᠶᠤᠤ ᠤᠪᠤᠭᠳᠤ ᠳᠤ ᠲᠦᠷᠢᠶᠡᠰᠦᠯᠡᠨ ᠦᠭᠬᠦ ᠶᠠᠪᠤᠳᠠᠯ ᠪᠤᠯᠤᠨ᠎ᠠ᠃ ᠭᠡᠪᠡᠴᠤ ᠲᠤᠬᠠᠢ ᠶᠢᠨ ᠦᠶ᠎ᠡ ᠳᠤ ᠬᠠᠤᠯᠢ ᠴᠠᠭᠠᠵᠠ ᠶᠢᠨ ᠤᠬᠠᠮᠰᠠᠷ | ᠲᠤᠲᠠᠮᠠᠭ ᠠᠴᠠ ᠪᠤᠯᠵᠤ ᠭᠡᠷ᠎ᠡ ᠪᠢᠴᠢᠭ ᠤᠨ ᠠᠭᠤᠯᠭ᠎ᠠ ᠨᠢ ᠨᠢᠭᠡᠨᠳᠡ ᠭᠡᠷ᠎ᠡ ᠶᠢᠨ ᠬᠤᠶᠠᠷ ᠲᠠᠯ᠎ᠠ ᠶᠢᠨ ᠲᠤᠬᠠᠢ ᠶᠢᠨ ᠬᠦᠮᠦᠨ ᠤ ᠦᠨᠡᠨ ᠰᠠᠨᠠᠭᠠᠨ ᠤ ᠢᠯᠡᠳᠬᠡᠯᠳᠡ ᠶᠢ | ᠢᠯᠡᠷᠡᠭᠦᠯᠬᠦ ᠵᠤᠷᠢᠯᠲᠠ ᠳᠤ ᠬᠦᠷᠴᠤ ᠴᠢᠳᠠᠭᠰᠠᠨ ᠦᠭᠡᠢ ᠪᠠᠶᠢᠨ᠎ᠠ᠃ ᠡᠭᠦᠨ ᠠᠴᠠ ᠪᠤᠯᠵᠤ ᠲᠤᠬᠠᠢ ᠶᠢᠨ ᠬᠦᠮᠦᠨ ᠮᠢᠶᠤᠤ ᠤᠪᠤᠭᠳᠤ ᠵᠠᠪᠰᠢᠶᠠᠨ ᠢ ᠳᠠᠯᠢᠮᠳᠠᠭᠤᠯᠤᠨ | ᠬᠠᠮᠢᠶ᠎ᠠ ᠪᠦᠬᠦᠢ ᠪᠠᠶᠢᠭᠤᠯᠤᠯᠭ᠎ᠠ ᠪᠠᠷ ᠳᠠᠮᠵᠢᠨ ᠦᠪᠡᠷ ᠤᠨ ᠬᠠᠤᠯᠢ ᠪᠤᠰᠤ ᠵᠤᠷᠢᠯᠳᠠ ᠳᠠᠭᠠᠨ ᠬᠦᠷᠴᠤ ᠴᠢᠳᠠᠭᠰᠠᠨ ᠪᠠᠶᠢᠨ᠎ᠠ᠃ ᠡᠶᠢᠮᠤ ᠠᠴᠠ ᠲᠤᠰ ᠬᠡᠷᠡᠭ ᠤᠨ | ᠭᠤᠤᠯ ᠰᠢᠯᠲᠠᠭᠠᠨ ᠪᠤᠯ ᠳᠠᠷᠤᠢ ︽ᠨᠤᠲᠤᠭ ᠪᠡᠯᠴᠢᠭᠡᠷ ᠢ ᠳᠠᠭᠠᠭᠠᠴᠢᠯᠠᠨ ᠡᠵᠡᠩᠨᠡᠬᠦ ᠭᠡᠷ᠎ᠡ︾ ᠶᠢᠨ ᠰᠢᠨᠵᠢ ᠴᠢᠨᠠᠷ ᠨᠢ ᠴᠤᠬᠤᠮ ︽ᠨᠤᠳᠤᠭ ᠪᠡᠯᠴᠢᠭᠡᠷ | ᠲᠦᠷᠢᠶᠡᠰᠦᠯᠡᠨ ᠦᠭᠬᠦ ᠭᠡᠷ᠎ᠡ︾ ᠪᠤᠯᠤᠨ ︽ᠨᠤᠲᠤᠭ ᠪᠡᠯᠴᠢᠭᠡᠷ ᠤᠨ ᠲᠠᠭᠠᠭᠠᠴᠢᠯᠠᠨ ᠡᠵᠡᠩᠨᠡᠬᠦ ᠡᠷᠬᠡ ᠪᠠᠨ ᠰᠢᠯᠵᠢᠭᠦᠯᠦᠨ ᠦᠭᠭᠦ ᠭᠡᠷ᠎ᠡ︾ ᠶᠢᠨ ᠠᠯᠢ ᠨᠢᠭᠡᠨ ᠳᠤᠨᠢ | ᠬᠠᠷᠢᠶᠠᠯᠠᠭᠳᠠᠬᠤ ᠶᠢ ᠮᠠᠭᠠᠳᠯᠠᠨ ᠨᠤᠲᠠᠯᠠᠬᠤ ᠤᠴᠢᠷ ᠪᠤᠯᠤᠨ᠎ᠠ᠃ | ᠮᠠᠨ ᠤ ᠤᠯᠤᠰ ᠤᠨ ︽ᠬᠦᠳᠡᠭᠡ ᠲᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠲᠠ ᠶᠢᠨ ᠬᠠᠤᠯᠢ︾ ᠶᠢᠨ 32 ᠳ᠋ᠤᠭᠠᠷ ᠵᠦᠢᠯ ᠳᠤ ᠲᠤᠭᠲᠠᠭᠠᠭᠰᠠᠨ ᠨᠢ᠄ | ︽ᠡᠷᠤᠬᠡ ᠳᠤ ᠳᠠᠭᠠᠭᠠᠴᠢᠯᠠᠭᠤᠯᠬᠤ ᠪᠠᠷ ᠳᠠᠮᠵᠢᠭᠠᠳ ᠤᠯᠤᠭᠰᠠᠨ ᠭᠠᠵᠠᠷ ᠰᠢᠷᠤᠢ ᠳᠠᠭᠠᠭᠠᠴᠢᠯᠠᠨ ᠡᠵᠡᠩᠨᠡᠬᠦ ᠡᠷᠬᠡ ᠪᠠᠨ ᠬᠠᠤᠯᠢ ᠶᠤᠰᠤᠭᠠᠷ ᠰᠢᠯᠵᠢᠭᠦᠯᠦᠨ | ᠳᠠᠭᠠᠭᠠᠴᠢᠯᠠᠭᠤᠯᠬᠤ᠂ ᠲᠦᠷᠢᠶᠡᠰᠦᠯᠡᠭᠦᠯᠬᠦ᠂ ᠬᠠᠷᠢᠯᠴᠠᠨ ᠰᠤᠯᠢᠬᠤ᠂ ᠰᠢᠯᠵᠢᠭᠦᠯᠦᠨ ᠦᠭᠬᠦ ᠪᠤᠶᠤ ᠪᠤᠰᠤᠳ ᠬᠡᠯᠪᠡᠷᠢ ᠪᠠᠷ ᠡᠷᠭᠢᠯᠳᠡ ᠳᠤ ᠤᠷᠤᠭᠤᠯᠵᠤ ᠪᠤᠯᠤᠨ᠎ᠠ︾ | ᠭᠡᠵᠤ ᠲᠤᠭᠲᠠᠭᠠᠭᠰᠠᠨ ᠪᠠᠶᠢᠳᠠᠭ᠃ ᠲᠤᠰ ᠵᠦᠢᠯ ᠳᠤ ᠲᠤᠭᠲᠠᠭᠠᠵᠤ ᠪᠠᠶᠢᠭ᠎ᠠ ᠰᠢᠯᠵᠢᠭᠦᠯᠦᠨ ᠳᠠᠭᠠᠭᠠᠴᠢᠯᠠᠬᠤ ᠪᠤᠯ ᠳᠠᠷᠤᠢ ᠦᠪᠡᠷ ᠤᠨ ᠨᠤᠲᠤᠭ ᠪᠡᠯᠴᠢᠭᠡᠷ ᠢᠶᠠᠨ | ᠲᠤᠭᠲᠠᠭᠰᠠᠨ ᠬᠤᠭᠤᠴᠠᠭ᠎ᠠ ᠲᠠᠢ ᠪᠠᠷ ᠪᠤᠰᠤᠳ ᠬᠦᠮᠦᠨ ᠳᠤ ᠳᠠᠭᠠᠭᠠᠴᠢᠯᠠᠨ ᠡᠵᠡᠩᠨᠡᠭᠦᠯᠬᠦ ᠪᠤᠶᠤ ᠲᠦᠷᠢᠶᠡᠰᠦᠯᠡᠭᠦᠯᠦᠨᠡ᠃ ᠭᠡᠪᠡᠴᠤ ᠳᠠᠭᠠᠭᠠᠴᠢᠯᠠᠭᠴᠢ ᠪᠤᠯᠤᠨ | ᠳᠠᠭᠠᠭᠠᠴᠢᠯᠠᠭᠤᠯᠤᠭᠴᠢ ᠶᠢᠨ ᠳᠠᠭᠠᠭᠠᠴᠢᠯᠠᠯᠳᠠ ᠶᠢᠨ ᠬᠠᠷᠢᠴᠠᠭ᠎ᠠ ᠨᠢ ᠬᠤᠪᠢᠷᠠᠬᠤ ᠦᠭᠡᠢ᠃ ᠰᠢᠯᠵᠢᠭᠦᠯᠦᠨ ᠦᠭᠬᠦ ᠪᠤᠯ ᠳᠠᠷᠤᠢ ᠦᠪᠡᠷ ᠤᠨ ᠨᠤᠲᠤᠭ ᠪᠡᠯᠴᠢᠭᠡᠷ ᠤᠨ | ᠳᠠᠭᠠᠭᠠᠴᠢᠯᠠᠨ ᠡᠵᠡᠩᠨᠡᠬᠦ ᠡᠷᠬᠡ ᠪᠠᠨ ᠪᠦᠷᠢᠮᠦᠰᠦᠨ ᠪᠤᠰᠤᠳ ᠬᠦᠮᠦᠨ ᠳᠤ ᠰᠢᠯᠵᠢᠭᠦᠯᠦᠨ ᠦᠭᠭᠦᠨ᠎ᠡ᠃ ᠳᠠᠷᠤᠢ ᠲᠤᠰ ᠰᠢᠯᠵᠢᠭᠦᠯᠦᠨ ᠠᠪᠤᠭᠰᠠᠨ ᠬᠦᠮᠦᠨ ᠨᠢ | ᠳᠠᠭᠠᠭᠠᠴᠢᠯᠠᠭᠤᠯᠤᠭᠴᠢ ᠲᠠᠢ ᠰᠢᠨ᠎ᠡ ᠪᠠᠷ ᠳᠠᠭᠠᠭᠠᠴᠢᠯᠠᠯᠲᠠ ᠶᠢᠨ ᠬᠠᠷᠢᠴᠠᠭ᠎ᠠ ᠪᠠᠶᠢᠭᠤᠯᠤᠨ᠎ᠠ᠂ ᠤᠤᠯ ᠳᠠᠭᠠᠭᠠᠴᠢᠯᠠᠭᠴᠢ ᠬᠢᠭᠡᠳ ᠳᠠᠭᠠᠭᠠᠴᠢᠯᠠᠭᠤᠯᠤᠭᠴᠢ ᠶᠢᠨ ᠲᠤᠰ | ᠭᠠᠵᠠᠷ ᠰᠢᠷᠤᠢ ᠶᠢᠨ ᠲᠠᠯ᠎ᠠ ᠪᠠᠷ ᠬᠢ ᠲᠠᠭᠠᠭᠠᠴᠢᠯᠠᠯᠳᠠ ᠶᠢᠨ ᠬᠠᠷᠢᠴᠠᠭ᠎ᠠ ᠲᠠᠷᠤᠢ ᠳᠠᠭᠤᠰᠤᠨ᠎ᠠ᠃ ᠬᠠᠤᠯᠢᠴᠢ ᠶᠢᠨ ᠰᠠᠨᠠᠭᠤᠯᠤᠮᠵᠢ᠄ ᠮᠠᠯᠴᠢᠨ ᠲᠠᠷᠢᠶᠠᠴᠢᠳ ᠤᠨ | ᠰᠤᠶᠤᠯ ᠤᠨ ᠬᠡᠮᠵᠢᠶ᠎ᠡ ᠪᠤᠯᠤᠨ ᠬᠠᠤᠯᠢ ᠴᠠᠭᠠᠵᠠ ᠶᠢᠨ ᠮᠡᠳᠡᠯᠭᠡ ᠲᠤᠲᠠᠮᠠᠭ ᠠᠴᠠ ᠪᠤᠯᠵᠤ᠂ ᠮᠠᠯᠴᠢᠳ ᠤᠨ ᠳᠤᠮᠳᠠ ᠭᠡᠷ᠎ᠡ ᠲᠤᠭᠲᠠᠬᠤ ᠤᠭ ᠰᠠᠨᠠᠭᠠᠨ ᠤ ᠢᠯᠡᠳᠬᠡᠯᠳᠡ | ᠪᠤᠯᠤᠨ ᠭᠡᠷ᠎ᠡ ᠶᠢᠨ ᠪᠢᠴᠢᠭ ᠤᠨ ᠪᠣᠳᠠᠳᠠᠢ ᠠᠭᠤᠯᠭ᠎ᠠ ᠨᠢ ᠬᠤᠭᠤᠷᠤᠨᠳᠤ ᠪᠠᠨ ᠵᠥᠷᠢᠴᠡᠯ ᠲᠠᠢ ᠪᠤᠯᠬᠤ ᠤᠴᠢᠷ ᠵᠦᠡᠭᠳᠡᠭᠡᠨ ᠭᠠᠷᠳᠠᠭ᠃ ᠡᠶᠢᠮᠤ ᠠᠴᠠ ᠤᠨᠴᠠᠭᠠᠶᠢᠯᠠᠨ | ᠰᠠᠨᠠᠭᠤᠯᠬᠤ ᠨᠢ᠂ ᠬᠠᠤᠯᠢ ᠪᠠᠷ ᠤᠯᠤᠰ ᠢᠶᠠᠨ ᠵᠠᠰᠠᠬᠤ ᠴᠠᠭ ᠦᠶ᠎ᠡ ᠳᠤ ᠮᠠᠯᠴᠢᠳ ᠨᠤᠲᠤᠭ ᠪᠡᠯᠴᠢᠭᠡᠷ ᠢᠶᠠᠨ ᠰᠢᠯᠵᠢᠭᠦᠯᠦᠨ ᠳᠠᠭᠠᠭᠠᠴᠢᠯᠠᠭᠤᠯᠬᠤ ᠪᠤᠶᠤ ᠰᠢᠯᠵᠢᠭᠦᠯᠦᠨ | ᠦᠭᠬᠦ ᠭᠡᠷ᠎ᠡ ᠲᠤᠭᠲᠠᠬᠤ ᠦᠶ᠎ᠡ ᠳᠤ ᠡᠷᠬᠡᠪᠰᠢ ᠭᠡᠷ᠎ᠡ ᠶᠢᠨ ᠠᠭᠤᠯᠭ᠎ᠠ ᠵᠢᠴᠢ ᠵᠤᠷᠢᠯᠲᠠ ᠪᠠᠨ ᠵᠠᠪᠠᠯ ᠵᠦᠪ ᠤᠨᠤᠪᠴᠢᠲᠠᠢ ᠵᠤᠷᠪᠤᠰᠤᠯᠠᠨ ᠪᠢᠴᠢᠵᠤ᠂ ᠨᠤᠲᠤᠭ | ᠪᠡᠯᠴᠢᠭᠡᠷ ᠤᠨ ᠳᠠᠭᠠᠭᠠᠴᠢᠯᠠᠨ ᠡᠵᠡᠩᠨᠡᠬᠦ ᠡᠷᠬᠡ ᠶᠢᠨ ᠡᠷᠭᠢᠯᠳᠡ ᠶᠢᠨ ᠠᠷᠭ᠎ᠠ ᠬᠡᠯᠪᠡᠷᠢ ᠵᠢᠴᠢ ᠬᠠᠮᠢᠶ᠎ᠠ ᠪᠦᠬᠦᠢ ᠨᠡᠷ᠎ᠡ ᠲᠤᠮᠢᠶ᠎ᠠ ᠳᠤ ᠬᠠᠤᠯᠢ ᠴᠠᠭᠠᠵᠠ ᠶᠢᠨ ᠲᠠᠯ᠎ᠠ ᠠᠴᠠ | ᠵᠦᠪ ᠤᠨᠤᠪᠴᠢᠲᠠᠢ ᠤᠶᠢᠯᠠᠭᠠᠯᠲᠠ ᠲᠠᠢ ᠪᠤᠯᠤᠭᠰᠠᠨ ᠰᠠᠭᠤᠷᠢᠨ ᠳᠡᠭᠡᠷ᠎ᠡ ᠰᠠᠶ᠋ᠢ ᠭᠡᠷ᠎ᠡ ᠪᠢᠴᠢᠭ ᠤᠨ ᠪᠤᠳᠠᠳᠠᠢ ᠠᠭᠤᠯᠭ᠎ᠠ ᠪᠠᠨ ᠨᠠᠶᠢᠷᠠᠭᠤᠯᠤᠨ ᠪᠢᠴᠢᠨ᠎ᠡ᠃ | ᠴᠢᠬᠤᠯᠠᠲᠠᠢ ᠦᠶ᠎ᠡ ᠳᠤ ᠬᠠᠮᠢᠶ᠎ᠠ ᠪᠦᠬᠦᠢ ᠬᠠᠤᠯᠢ ᠴᠠᠭᠠᠵᠠ ᠶᠢᠨ ᠪᠠᠶᠢᠭᠤᠯᠤᠮᠵᠢ ᠵᠢᠴᠢ ᠬᠠᠤᠯᠢᠴᠢ ᠠᠴᠠ ᠵᠥᠪᠯᠡᠯᠭᠡ ᠠᠪᠬᠤ ᠨᠢ ᠳᠠᠨ ᠤ ᠡᠷᠭᠡ ᠠᠰᠢᠭ ᠢ | ᠬᠠᠮᠠᠭᠠᠯᠠᠬᠤ ᠳᠤ ᠳᠤᠰᠠᠳᠠᠢ ᠶᠤᠮ᠃ | | | | | | |