| | ᠵᠢᠮᠢᠰ ᠤᠨ ᠮᠤᠳᠤᠨ ᠤ ᠲᠠᠷᠢᠶᠠᠨ ᠡᠮ ᠤᠨ ᠬᠤᠤᠷᠳᠠᠯ ᠢ ᠪᠠᠴᠢᠮ ᠬᠤᠤᠷᠳᠠᠯ ᠪᠠ ᠤᠵᠢᠭ ᠬᠤᠤᠷᠳᠠᠯ ᠬᠡᠵᠦ | ᠬᠤᠶᠠᠷ ᠵᠦᠢᠯ ᠬᠤᠪᠢᠶᠠᠳᠠᠭ᠃ ᠪᠠᠴᠢᠮ ᠬᠤᠤᠷᠳᠠᠯ ᠨᠢ ᠡᠮ ᠰᠦᠷᠴᠢᠭᠰᠡᠨ ᠬᠤᠶᠢᠨ᠎ᠠ ᠬᠡᠳᠦᠨ ᠴᠠᠭ ᠠᠴᠠ ᠬᠡᠳᠦᠬᠡᠨ | ᠡᠳᠦᠷ ᠤᠨ ᠲᠤᠳᠤᠷ᠎ᠠ ᠮᠡᠳᠡᠭᠳᠡᠳᠡᠭ᠃ ᠵᠢᠱᠢᠶᠡᠯᠡᠪᠡᠯ ᠨᠠᠪᠴᠢ ᠵᠢᠮᠢᠰ ᠨᠢ ᠲᠤᠯᠪᠤᠳᠤᠬᠤ᠂ ᠰᠢᠷᠠᠯᠠᠬᠤ᠂ ᠦᠬᠦᠰᠢᠷᠡᠬᠦ᠂ | ᠨᠠᠪᠴᠢ ᠨᠢ ᠵᠤᠯᠭᠠᠷᠠᠬᠤ᠂ ᠵᠢᠮᠢᠰ ᠨᠢ ᠤᠨᠠᠬᠤ ᠵᠡᠷᠭᠡ᠃ ᠲᠠᠷᠢᠶᠠᠨ ᠡᠮ ᠤᠨ ᠤᠵᠢᠭ ᠬᠤᠤᠷᠳᠠᠯ ᠨᠢ ᠨᠠᠯᠢᠶᠠᠳ ᠤᠷᠳᠤ | ᠬᠤᠪᠭᠤᠴᠠᠭᠠ ᠪᠤᠯᠤᠭᠰᠠᠨ ᠤ ᠲᠠᠷᠠᠭ᠎ᠠ ᠰᠠᠶ᠋ᠢ ᠢᠯᠡᠷᠡᠳᠡᠭ᠃ ᠵᠢᠱᠢᠶᠡᠯᠡᠪᠡᠯ ᠬᠡᠷᠡᠯ ᠨᠡᠶᠢᠯᠡᠯᠬᠡ ᠶᠢᠨ ᠦᠢᠯᠡᠴᠢᠯᠡᠯ ᠨᠢ | ᠪᠠᠭᠤᠷᠠᠵᠤ᠂ ᠴᠡᠴᠡᠭ ᠤᠨ ᠨᠠᠬᠢᠶ᠎ᠠ ᠶᠢᠨ ᠪᠦᠷᠢᠯᠳᠦᠬᠦ ᠪᠠ ᠵᠢᠮᠢᠰ ᠪᠤᠯᠪᠠᠰᠤᠷᠠᠬᠤ ᠨᠢ ᠣᠳᠠᠭᠠᠰᠢᠷᠠᠵᠤ᠂ ᠪᠤᠭᠤᠨᠢᠰᠴᠤ | ᠵᠡᠷᠦᠮᠳᠡᠭ ᠪᠤᠯᠬᠤ᠂ ᠠᠮᠳᠠ ᠦᠩᠭᠡ ᠨᠢ ᠠᠨᠠᠢ ᠪᠤᠯᠬᠤ ᠵᠡᠷᠭᠡ᠃ ᠵᠢᠮᠢᠰ ᠤᠨ ᠮᠤᠳᠤᠨ ᠤ ᠬᠤᠤᠷᠳᠠᠯ ᠢ ᠮᠡᠳᠡᠪᠡᠯ | ᠲᠤᠤᠷᠠᠬᠢ ᠠᠷᠭ᠎ᠠ ᠢᠶᠠᠷ ᠠᠪᠤᠷᠠᠯᠳᠠ ᠬᠢᠵᠦ ᠪᠤᠯᠤᠨ᠎ᠠ᠃ 1. ᠲᠡᠭᠡᠳᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ᠢ | ᠰᠦᠷᠴᠢᠨ ᠤᠷᠤᠭᠤᠯᠤᠨ᠎ᠠ᠃ ᠤᠯᠠᠩᠭᠢ ᠬᠢᠮᠢ ᠶᠢᠨ ᠪᠤᠳᠠᠰ ᠢ ᠴᠦᠮ ᠢᠰᠦᠯᠳᠦᠬᠦᠯᠦᠨ ᠵᠠᠳᠠᠷᠠᠭᠤᠯᠬᠤ | ᠦᠢᠯᠡᠳᠦᠯ ᠲᠠᠢ ᠪᠠᠶᠢᠳᠠᠭ᠃ 2. ᠶᠡᠭᠡ ᠬᠡᠮᠵᠢᠶᠡᠨ ᠤ ᠴᠡᠪᠡᠷ ᠣᠰᠣ ᠪᠠᠷ ᠰᠦᠷᠴᠢᠨ ᠤᠬᠢᠶᠠᠨ᠎ᠠ᠃ ᠮᠠᠨᠠᠨ | ᠰᠦᠷᠴᠢᠬᠦᠷ ᠮᠠᠰᠢᠨ ᠳᠠᠭᠠᠨ ᠲᠦᠭᠦᠷᠳᠡᠯ᠎ᠡ ᠣᠰᠣ ᠬᠢᠬᠡᠳ ᠵᠢᠮᠢᠰ ᠤᠨ ᠮᠤᠳᠤᠨ ᠤ ᠨᠠᠪᠴᠢᠨ ᠤ ᠢᠯᠳᠡᠰᠦᠨ | ᠲᠡᠭᠡᠷ᠎ᠡ ᠨᠢ ᠠᠬᠢᠨ ᠲᠠᠬᠢᠨ ᠤᠰᠤ ᠰᠦᠷᠴᠢᠪᠠᠯ ᠨᠠᠪᠴᠢᠨ ᠤ ᠢᠯᠳᠡᠰᠦᠨ ᠲᠡᠭᠡᠷᠡᠬᠢ ᠲᠠᠷᠢᠶᠠᠨ ᠡᠮ ᠨᠢ ᠬᠢᠯᠪᠠᠷᠬᠠᠨ | ᠤᠨᠠᠴᠢᠬᠠᠳᠠᠭ ᠶᠣᠮ᠃ 3. ᠠᠳᠠᠯᠢ ᠲᠦᠷᠦᠯ ᠤᠨ ᠲᠠᠷᠢᠶᠠᠨ ᠡᠮ ᠬᠡᠷᠡᠭᠯᠡᠬᠦ ᠪᠠᠨ ᠵᠤᠭᠰᠣᠨ᠎ᠠ᠃ ᠲᠠᠷᠢᠶᠠᠨ ᠡᠮ ᠤᠨ | ᠬᠤᠤᠷᠳᠠᠯ ᠨᠢ ᠠᠷᠢᠯᠬᠤ ᠠᠴᠠ ᠡᠮᠦᠨ᠎ᠡ᠂ ᠲᠠᠷᠢᠶᠠᠨ ᠡᠮ ᠢ ᠪᠠᠭ᠎ᠠ ᠬᠡᠷᠡᠭᠯᠡᠬᠦ ᠪᠤᠶᠤ ᠬᠡᠷᠡᠭᠯᠡᠬᠦ ᠪᠠᠨ ᠲᠦᠷ ᠵᠤᠭᠰᠤᠬᠤ | ᠬᠡᠷᠡᠭᠳᠡᠢ᠃ 4. ᠨᠠᠪᠴᠢᠨ ᠤ ᠪᠤᠷᠳᠤᠭᠤᠷ ᠤᠷᠤᠭᠤᠯᠤᠨ᠎ᠠ᠃ ᠵᠢᠮᠢᠰ ᠤᠨ ᠮᠤᠳᠤ ᠬᠤᠤᠷᠳᠠᠯ ᠡᠬᠦᠰᠪᠡᠯ ᠣᠰᠣ | ᠨᠦᠬᠦᠪᠦᠷᠢᠯᠡᠬᠦ ᠲᠠᠢ ᠪᠠᠨ ᠤᠶᠠᠯᠳᠤᠭᠤᠯᠤᠨ ᠲᠦᠷᠬᠡᠨ ᠦᠢᠯᠡᠳᠦᠯᠳᠦ ᠬᠢᠮᠢ ᠶᠢᠨ ᠪᠤᠷᠳᠤᠭᠤᠷ ᠤᠷᠤᠭᠤᠯᠬᠤ ᠶᠢᠨ | ᠬᠠᠮᠳᠤ ᠲᠠᠩᠨᠠᠵᠤ ᠰᠢᠷᠤᠢ ᠶᠢ ᠨᠢ ᠰᠤᠯᠠᠷᠠᠭᠤᠯᠪᠠᠯ ᠵᠢᠮᠢᠰ ᠤᠨ ᠮᠤᠳᠤᠨ ᠤ ᠬᠡᠪ ᠤᠨ ᠤᠷᠭᠤᠯᠳᠠ ᠶᠢ ᠠᠬᠢᠭᠤᠯᠵᠤ | ᠴᠢᠳᠠᠨ᠎ᠠ᠃ | | | | | | |