ᠦᠬᠡᠷ ᠤᠨ ᠲᠤᠭᠤᠷᠠᠢ ᠶᠢᠨ ᠰᠠᠯᠠᠭ᠎ᠠ ᠢᠯᠵᠢᠷᠡᠬᠦ ᠶᠢ ᠵᠠᠰᠠᠬᠤ
ᠨᠡᠶᠢᠲᠡᠯᠡᠭᠰᠡᠨ ᠴᠠᠭ᠄
2022/7/1
     ᠦᠬᠡᠷ ᠤᠨ ᠲᠤᠭᠤᠷᠠᠢ ᠶᠢᠨ ᠰᠠᠯᠠᠭ᠎ᠠ ᠢᠯᠵᠢᠷᠡᠬᠦ ᠢᠯᠡᠷᠡᠯ᠄ ᠭᠡᠮᠳᠠᠢ ᠬᠦᠯ ᠢᠶᠠᠨ ᠳᠤᠯᠵᠤ ᠳᠡᠶᠢᠯᠬᠦ ᠦᠬᠡᠢ᠂ ᠲᠤᠭᠤᠷᠠᠢ ᠶᠢᠨ ᠤᠯᠠ ᠳᠤ ᠪᠠᠭ᠎ᠠ ᠬᠠᠷ᠎ᠠ ᠨᠦᠭᠡ ᠲᠠᠢ᠂ ᠡᠪᠡᠷᠯᠢᠭ ᠡᠳ᠋ ᠨᠢ ᠢᠯᠵᠢᠷᠡᠵᠦ᠂ ᠠᠭᠤᠰᠬᠤ᠂ ᠴᠤᠷᠭᠤ ᠠᠴᠠ ᠨᠢ ᠬᠠᠷ᠎ᠠ ᠢᠳᠡᠭᠡ ᠭᠤᠭᠤᠵᠢᠨ᠎ᠠ᠃ ᠡᠮᠨᠡᠨ ᠵᠠᠰᠠᠬᠤ᠄ ᠲᠤᠭᠤᠷᠠᠢ ᠶᠢᠨ ᠭᠡᠮᠳᠡᠢ ᠬᠡᠰᠡᠭ ᠢ ᠴᠡᠪᠡᠷᠯᠡᠭᠰᠡᠨ ᠤ ᠲᠠᠷᠠᠭ᠎ᠠ ᠢᠯᠵᠢᠷᠠᠵᠦ ᠬᠤᠪᠢᠷᠠᠬᠰᠠᠨ ᠡᠪᠡᠷᠯᠢᠭ ᠡᠳ᠋ ᠵᠢᠴᠢ ᠢᠳᠡᠭᠡ ᠶᠢ ᠲᠦᠢᠯᠪᠤᠷᠢᠳᠠᠢ ᠠᠷᠢᠯᠭᠠᠭᠠᠳ ᠬᠦᠨᠳᠡᠶᠢᠷᠠᠬᠦᠯᠵᠦ ᠰᠢᠷᠬ᠎ᠠ ᠶᠢ 10%᠎ ᠶᠢᠨ ᠬᠦᠬᠦᠷ ᠬᠦᠴᠢᠯ ᠤᠨ ᠵᠠᠰ ᠢᠶᠠᠷ ᠤᠬᠢᠶᠠᠵᠤ᠂ 5%᠎ ᠶᠢᠨ ᠢᠤᠳ᠋ ᠶᠢᠨ ᠬᠠᠨᠳᠠ ᠪᠠᠷ ᠠᠷᠢᠭᠤᠳᠬᠠᠨ᠂ ᠮᠠᠳᠠᠷ ᠤᠨ ᠴᠢᠰᠦ ᠶᠢᠨ ᠨᠤᠨᠳᠠᠬ ᠢᠶᠠᠷ ᠰᠢᠷᠬ᠎ᠠ ᠶᠢ ᠪᠦᠭᠯᠡᠵᠦ ᠱᠠᠬᠠᠢ ᠡᠮᠤᠰᠬᠡᠨ᠎ᠠ᠃ ᠬᠡᠷᠪᠡ ᠭᠡᠮᠳᠡᠢ ᠮᠠᠯ ᠤᠨ ᠪᠡᠶ᠎ᠡ ᠶᠢᠨ ᠲᠤᠯᠠᠭᠠᠨ ᠨᠢ ᠦᠨᠳᠦᠷᠵᠢᠨ᠂ ᠢᠳᠡᠬᠦ ᠳᠤᠷᠠᠰᠢᠯ ᠪᠠᠭᠤᠷᠠᠬᠤ ᠦᠶ᠎ᠡ ᠳᠤ ᠠᠨ᠋ᠲ᠋ᠢᠪᠢᠤᠲ᠋ᠢᠺ᠂ ᠬᠦᠬᠦᠷᠯᠢᠭ ᠠᠮᠢᠨ ᠤ ᠳᠦᠷᠦᠯ ᠤᠨ ᠡᠮ ᠢ ᠬᠡᠷᠡᠭᠯᠡᠵᠦ 5%᠎ ᠶᠢᠨ ᠨᠡᠬᠦᠷᠡᠰᠦ ᠬᠦᠴᠢᠯ ᠤᠨ ᠤᠰᠤᠳᠦ᠋ᠷᠦᠭᠴᠢᠳᠦ ᠨᠠᠳ᠋ᠷᠢ ᠪᠤᠯᠤᠨ ᠸᠢᠲ᠋ᠠᠮᠢᠨ C᠎ ᠶᠢ ᠸᠧᠨ᠎ᠠ ᠪᠠᠷ ᠵᠡᠬᠦᠲᠡᠨ᠎ᠠ᠃
 
ᠢᠷᠡᠯᠲᠡ᠄ ᠲᠠᠯᠠᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号