ᠮᠠᠰᠢᠨ ᠲᠡᠷᠭᠡ ᠵᠠᠮ ᠬᠠᠷᠢᠯᠴᠠᠭᠠᠨ ᠤ ᠭᠡᠨᠡᠲᠡᠯ ᠭᠠᠷᠭᠠᠪᠠᠯ᠂ ᠲᠠᠭᠠᠳᠬᠠᠯ ᠳᠤ ᠣᠷᠣᠭᠰᠠᠨ ᠲᠡᠷᠭᠡᠨ ᠤ ᠲᠦᠯᠦᠬᠦ ᠲᠠᠰ ᠲᠠᠷᠠᠭᠠᠯᠠᠯ ᠨᠢ ᠶᠠᠮᠠᠷ ᠪᠣᠢ
ᠨᠡᠶᠢᠲᠡᠯᠡᠭᠰᠡᠨ ᠴᠠᠭ᠄
2022/7/1
     ︽ᠢᠷᠭᠡᠨ ᠤ ᠬᠠᠣᠯᠢ ᠶᠢᠨ ᠪᠢᠴᠢᠭ︾᠎ ᠤᠨ ᠮᠢᠩᠭ᠎ᠠ ᠬᠤᠶᠠᠷ ᠵᠠᠭᠤ ᠠᠷᠪᠠᠨ ᠭᠤᠷᠪᠠᠲᠣᠭᠠᠷ ᠵᠦᠢᠯ ᠳᠤ᠂ ᠮᠠᠰᠢᠨ ᠲᠡᠷᠭᠡ ᠵᠠᠮ ᠬᠠᠷᠢᠯᠴᠠᠭᠠᠨ ᠤ ᠬᠡᠨᠡᠲᠡᠯ ᠭᠠᠷᠴᠦ ᠬᠤᠬᠢᠷᠠᠯ ᠣᠴᠠᠷᠠᠭᠤᠯᠣᠭᠠᠳ᠂ ᠲᠣᠰ ᠮᠠᠰᠢᠨ ᠲᠡᠷᠭᠡᠨ ᠤ ᠲᠠᠯ᠎ᠠ ᠶᠢᠨ ᠬᠠᠷᠢᠭᠤᠴᠠᠯᠭ᠎ᠠ ᠠᠴᠠ ᠪᠣᠯᠣᠬᠰᠠᠨ ᠪᠠᠶᠢᠪᠠᠯ᠂ ᠣᠷᠢᠳ ᠢᠶᠠᠷ ᠮᠠᠰᠢᠨᠲᠣ ᠲᠡᠷᠭᠡᠨ ᠤ ᠠᠯᠪᠠᠲᠠᠯᠭ᠎ᠠ ᠶᠢᠨ ᠲᠠᠭᠠᠳᠬᠠᠯ ᠢ ᠲᠠᠭᠠᠭᠠᠴᠢᠯᠠᠭᠰᠠᠨ ᠲᠠᠭᠠᠳᠬᠠᠬᠴᠢ ᠠᠯᠪᠠᠲᠠᠯᠭ᠎ᠠ ᠶᠢᠨ ᠲᠠᠭᠠᠳᠬᠠᠯ ᠤᠨ ᠬᠠᠷᠢᠭᠤᠴᠠᠯᠭ᠎ᠠ ᠶᠢᠨ ᠬᠢᠵᠠᠭᠠᠷ ᠲᠣᠭᠠᠨ ᠤ ᠬᠡᠪᠴᠢᠶᠡᠨ ᠲᠣᠲᠣᠷ᠎ᠠ ᠲᠦᠯᠦᠪᠦᠷᠢ ᠦᠭᠬᠦᠨ᠎ᠡ︔ ᠬᠦᠷᠦᠯᠴᠡᠬᠦ ᠦᠭᠡᠢ ᠬᠡᠰᠡᠭ ᠢ ᠨᠢ ᠮᠠᠰᠢᠨ ᠲᠡᠷᠭᠡᠨ ᠤ ᠬᠤᠲᠠᠯᠲᠣᠭᠠᠨ ᠤ ᠲᠠᠭᠠᠳᠬᠠᠯ ᠢ ᠲᠠᠭᠠᠭᠠᠴᠢᠯᠠᠬᠰᠠᠨ ᠲᠠᠭᠠᠳᠬᠠᠬᠴᠢ ᠠᠴᠠ ᠲᠠᠭᠠᠳᠬᠠᠯ ᠤᠨ ᠭᠡᠷ᠎ᠡ ᠶᠢᠨ ᠪᠣᠯᠵᠣᠯ ᠶᠣᠰᠣᠭᠠᠷ ᠲᠦᠯᠦᠪᠦᠷᠢ ᠦᠭᠬᠦᠨ᠎ᠡ︔ ᠮᠦᠨ ᠯᠡ ᠬᠦᠷᠦᠯᠴᠡᠬᠦ ᠦᠭᠡᠢ ᠪᠣᠶᠣ ᠮᠠᠰᠢᠨ ᠲᠡᠷᠭᠡᠨ ᠤ ᠬᠤᠲᠠᠯᠲᠣᠭᠠᠨ ᠤ ᠲᠠᠭᠠᠳᠬᠠᠯ ᠠᠪᠤᠭᠰᠠᠨ ᠦᠭᠡᠢ ᠪᠠᠶᠢᠪᠠᠯ᠂ ᠡᠷᠭᠡ ᠳᠤ ᠬᠠᠯᠲᠠᠭᠰᠠᠨ ᠬᠦᠮᠦᠨ ᠲᠦᠯᠦᠨ᠎ᠡ ᠭᠡᠵᠦ ᠲᠣᠭᠲᠠᠭᠠᠪᠠ᠃ ᠡᠬᠦᠨ ᠠᠴᠠ ᠮᠡᠲᠡᠬᠦ ᠨᠢ᠂ ᠮᠠᠰᠢᠨ ᠲᠡᠷᠭᠡ ᠵᠠᠮ ᠬᠠᠷᠢᠯᠴᠠᠭᠠᠨ ᠤ ᠭᠡᠨᠡᠲᠡᠯ ᠭᠠᠷᠭᠠᠵᠣ ᠪᠠᠰᠠ ᠬᠤᠬᠢᠷᠠᠯ ᠣᠴᠠᠷᠠᠭᠤᠯᠵᠣ᠂ ᠰᠢᠯᠭᠠᠨ ᠪᠠᠶᠢᠴᠠᠭᠠᠬᠤ ᠪᠠᠷ ᠲᠠᠮᠵᠢᠭᠠᠳ᠂ ᠲᠣᠰ ᠲᠡᠷᠭᠡᠨ ᠤ ᠲᠠᠯ᠎ᠠ ᠶᠢᠨ ᠬᠠᠷᠢᠭᠤᠴᠠᠯᠭ᠎ᠠ ᠠᠴᠠ ᠪᠣᠯᠣᠬᠰᠠᠨ ᠪᠠᠶᠢᠪᠠᠯ ᠂ ᠣᠷᠢᠳ ᠢᠶᠠᠷ ᠮᠠᠰᠢᠨ ᠲᠡᠷᠭᠡᠨ ᠤ ᠠᠯᠪᠠᠲᠠᠯᠭ᠎ᠠ ᠶᠢᠨ ᠲᠠᠭᠠᠳᠬᠠᠯ ᠢ ᠲᠠᠭᠠᠭᠠᠴᠢᠯᠠᠭᠰᠠᠨ ᠲᠠᠭᠠᠳᠬᠠᠬᠴᠢ ᠠᠯᠪᠠᠲᠠᠯᠭ᠎ᠠ ᠶᠢᠨ ᠲᠠᠭᠠᠳᠬᠠᠯ ᠤᠨ ᠬᠠᠷᠢᠭᠤᠴᠠᠯᠭ᠎ᠠ ᠶᠢᠨ ᠬᠢᠵᠠᠭᠠᠷ ᠲᠣᠭᠠᠨ ᠤ ᠬᠡᠪᠴᠢᠶᠡᠨ ᠲᠣᠲᠣᠷ᠎ᠠ ᠲᠦᠯᠦᠪᠦᠷᠢ ᠦᠭᠬᠦᠨ᠎ᠡ︔ ᠬᠦᠷᠦᠯᠴᠡᠬᠦ ᠦᠭᠡᠢ ᠬᠡᠰᠡᠭ ᠢ ᠨᠢ ᠮᠠᠰᠢᠨ ᠲᠡᠷᠭᠡᠨ ᠤ ᠬᠤᠲᠠᠯᠲᠣᠭᠠᠨ ᠤ ᠲᠠᠭᠠᠳᠬᠠᠯ ᠢ ᠲᠠᠭᠠᠭᠠᠴᠢᠯᠠᠬᠰᠠᠨ ᠲᠠᠭᠠᠳᠬᠠᠬᠴᠢ ᠠᠴᠠ ᠲᠠᠭᠠᠳᠬᠠᠯ ᠤᠨ ᠭᠡᠷ᠎ᠡ ᠶᠢᠨ ᠪᠣᠯᠵᠣᠯ ᠶᠣᠰᠣᠭᠠᠷ ᠲᠦᠯᠦᠪᠦᠷᠢ ᠦᠭᠬᠦᠨ᠎ᠡ︔ ᠮᠦᠨ ᠯᠡ ᠬᠦᠷᠦᠯᠴᠡᠬᠦ ᠦᠭᠡᠢ ᠪᠣᠶᠣ ᠮᠠᠰᠢᠨ ᠲᠡᠷᠭᠡᠨ ᠤ ᠬᠤᠲᠠᠯᠲᠣᠭᠠᠨ ᠤ ᠲᠠᠭᠠᠳᠬᠠᠯ ᠠᠪᠤᠭᠰᠠᠨ ᠦᠭᠡᠢ ᠪᠠᠶᠢᠪᠠᠯ ᠂ ᠡᠷᠭᠡ ᠳᠤ ᠬᠠᠯᠲᠠᠭᠰᠠᠨ ᠬᠦᠮᠦᠨ ᠲᠦᠯᠦᠨ᠎ᠡ᠃ ᠡᠷᠬᠡ ᠳᠤ ᠬᠠᠯᠲᠠᠭᠰᠠᠨ ᠬᠦᠮᠦᠨ ᠳᠤ ᠠᠪᠴᠦ ᠬᠡᠯᠡᠪᠡᠯ᠂ ᠲᠠᠭᠠᠳᠬᠠᠯ ᠤᠨ ᠺᠣᠮᠫᠠᠨᠢ ᠪᠠᠶᠢᠬᠤ ᠠᠴᠠ ᠪᠣᠯᠵᠣ ᠲᠡᠬᠦᠨ ᠤ ᠲᠦᠯᠦᠬᠦ ᠲᠠᠷᠣᠭᠠᠰᠣ ᠵᠣᠬᠢᠴᠠᠩᠭᠤᠢ ᠬᠦᠩᠭᠡᠷᠡᠵᠦ᠂ ᠡᠬᠦᠨ ᠤ ᠣᠯᠠᠮ ᠲᠠᠭᠠᠳᠬᠠᠯ ᠤᠨ ᠺᠣᠮᠫᠠᠨᠢ ᠶᠢᠨ ᠲᠠᠭᠠᠳᠬᠠᠯ ᠤᠨ ᠠᠵᠢᠯᠯᠠᠭ᠎ᠠ ᠨᠢ ᠬᠤᠬᠢᠷᠠᠭᠴᠢ ᠲᠠᠷᠣᠢ ᠡᠷᠭᠡ ᠨᠢ ᠬᠠᠯᠲᠠᠭᠲᠠᠭᠰᠠᠨ ᠬᠦᠮᠦᠨ ᠤ ᠡᠷᠭᠡ ᠠᠰᠢᠭ ᠢ ᠨᠡᠩ ᠰᠠᠶᠢᠨ ᠬᠠᠮᠠᠭᠠᠯᠠᠵᠵᠣ ᠴᠢᠲᠠᠲᠠᠭ᠃ ᠪᠣᠲᠠᠲᠣ ᠠᠮᠢᠲᠣᠷᠠᠯ ᠳᠤ᠂ ᠵᠣᠭᠤᠰ ᠢᠶᠠᠨ ᠠᠷᠪᠢᠯᠠᠬᠤ ᠶᠢᠨ ᠲᠦᠯᠦᠭᠡ ᠬᠤᠲᠠᠯᠲᠣᠭᠠᠨ ᠤ ᠲᠠᠭᠠᠳᠬᠠᠯ ᠠᠪᠬᠤ ᠦᠭᠡᠢ᠂ ᠨᠡᠩ ᠴᠠᠭᠠᠰᠢᠯᠠᠪᠠᠯ ᠵᠠᠷᠢᠮ ᠬᠦᠮᠦᠨ ᠠᠯᠪᠠᠲᠠᠯᠭ᠎ᠠ ᠶᠢᠨ ᠲᠠᠭᠠᠳᠬᠠᠯ ᠢ ᠴᠦ ᠬᠠᠣᠯᠢ ᠶᠣᠰᠣᠭᠠᠷ ᠬᠤᠲᠠᠯᠲᠣᠨ ᠠᠪᠬᠤ ᠦᠭᠡᠢ ᠦᠵᠡᠭᠲᠡᠯ ᠬᠠᠶ᠋ᠨ ᠦᠭᠡᠢ ᠪᠠᠶᠢᠵᠦ᠂ ᠡᠨ᠋ᠨ ᠨᠢ ᠵᠠᠮ ᠬᠠᠷᠢᠯᠴᠠᠭᠠᠨ ᠤ ᠬᠡᠨᠡᠲᠡᠯ ᠳᠤ ᠬᠤᠬᠢᠷᠠᠭᠰᠡᠳ ᠤᠨ ᠬᠠᠣᠯᠢ ᠶᠣᠰᠣᠨ ᠤ ᠡᠷᠭᠡ ᠠᠰᠢᠭ ᠢ ᠬᠠᠮᠠᠭᠠᠯᠠᠬᠤ ᠳᠤ ᠲᠣᠩ ᠬᠦᠴᠢᠷᠲᠡᠯ ᠠᠪᠴᠢᠷᠠᠲᠠᠭ ᠪᠠᠶᠢᠨ᠎ᠠ᠃ ᠡᠶᠢᠮᠦ ᠠᠴᠠ᠂ ᠮᠠᠰᠢᠨ ᠲᠡᠷᠭᠡ ᠠᠯᠪᠠᠲᠠᠯᠭ᠎ᠠ ᠶᠢᠨ ᠲᠠᠭᠠᠳᠬᠠᠯ᠂ ᠬᠤᠲᠠᠯᠲᠣᠭᠠᠨ ᠤ ᠲᠠᠭᠠᠳᠬᠠᠯ ᠬᠤᠲᠠᠯᠲᠣᠨ ᠠᠪᠬᠤ ᠨᠢ ᠦᠪᠡᠷ ᠪᠣᠰᠣᠳ ᠲᠤ ᠴᠦᠮ ᠲᠦᠢᠯ ᠤᠨ ᠠᠰᠢᠭ ᠲᠣᠰᠠ ᠲᠠᠢ ᠪᠠᠶᠢᠲᠠᠭ᠃
 
ᠢᠷᠡᠯᠲᠡ᠄ ᠲᠠᠯᠠᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号