ᠵᠠᠩ ᠸᠧᠨ ᠬᠤᠩ᠄ ᠳᠠᠷᠬᠠᠯᠠᠭ᠎ᠠ ᠪᠠᠨ ᠴᠢᠩᠭᠠᠳᠬᠠᠴᠢᠬᠠᠪᠠᠯ ᠠᠶᠤᠭᠰᠠᠨ ᠤ ᠬᠡᠷᠡᠭ ᠦᠭᠡᠢ
ᠨᠡᠶᠢᠲᠡᠯᠡᠭᠰᠡᠨ ᠴᠠᠭ᠄
2022/7/1
     ᠤᠯᠤᠰ ᠤᠨ ᠬᠠᠯᠳᠠᠪᠤᠷᠢᠲᠤ ᠡᠪᠡᠳᠴᠢᠨ ᠤ ᠡᠮᠴᠢᠯᠡᠭᠡᠨ ᠤ ᠲᠥᠪ ᠭᠠᠵᠠᠷ ᠤᠨ ᠡᠷᠬᠢᠯᠡᠭᠴᠢ ᠵᠠᠩ ᠸᠧᠨ ᠬᠤᠩ ᠪᠯᠤᠭ ᠳᠡᠭᠡᠷ᠎ᠡ ᠪᠠᠨ ᠲᠡᠮᠳᠡᠭᠯᠡᠬᠦ ᠳᠡᠭᠡᠨ᠂ ᠪᠦᠬᠦ ᠤᠯᠤᠰ ᠢᠶᠠᠷ ᠢᠶᠠᠨ ᠰᠡᠳᠬᠢᠯ ᠨᠢᠭᠡᠳᠦᠨ ᠬᠢᠵᠢᠭ ᠢ ᠰᠡᠷᠭᠡᠶᠢᠯᠡᠨ ᠳᠠᠷᠤᠭᠰᠠᠨ ᠤ ᠠᠴᠢ ᠪᠠᠷ᠂ ᠮᠠᠨ ᠤ ᠤᠯᠤᠰ ᠬᠢᠵᠢᠭ ᠬᠠᠯᠳᠠᠪᠤᠷᠢᠯᠠᠬᠤ ᠨᠣᠷᠮ᠎ᠠ ᠪᠣᠯᠣᠨ ᠡᠷᠡᠰᠳᠡᠬᠦ ᠨᠣᠷᠮ᠎ᠠ ᠶᠢ ᠪᠦᠷ ᠮᠠᠰᠢ ᠳᠣᠣᠷ᠎ᠠ ᠬᠡᠮᠵᠢᠶᠡᠨ ᠳᠤ ᠬᠢᠵᠠᠭᠠᠷᠯᠠᠵᠤ ᠴᠢᠳᠠᠭᠰᠠᠨ ᠶᠤᠮ᠃ ᠭᠡᠪᠡᠴᠦ ᠴᠠᠭᠠᠨ ᠰᠠᠷ᠎ᠠ ᠠᠴᠠ ᠬᠤᠶᠢᠰᠢ ᠣᠯᠠᠨ ᠭᠠᠵᠠᠷ ᠲᠤ ᠣᠮᠢᠺᠷᠣᠨ ᠸᠢᠷᠦ᠋ᠰ ᠶᠡᠭᠡ ᠪᠠᠷ ᠳᠡᠯᠭᠡᠷᠡᠯ᠎ᠡ ᠭᠡᠵᠡᠢ᠃ ᠵᠠᠩ ᠸᠧᠨ ᠬᠤᠩ ᠬᠡᠯᠡᠬᠦ ᠳᠡᠭᠡᠨ᠂ ᠪᠢᠳᠠᠨ ᠤ ᠰᠤᠳᠤᠯᠤᠨ ᠰᠢᠨᠵᠢᠯᠡᠭᠰᠡᠨ ᠢᠶᠠᠷ᠂ ᠡᠨᠡ ᠡᠭᠡᠯᠵᠢᠨ ᠤ ᠣᠮᠢᠺᠷᠣᠨ ᠸᠢᠷᠦ᠋ᠰ ᠤᠨ ᠬᠢᠵᠢᠭ ᠨᠢ ᠲᠦᠷᠭᠡᠨ ᠳᠡᠯᠭᠡᠷᠡᠭᠰᠡᠨ ᠪᠣᠯᠪᠠᠴᠤ ᠸᠢᠷᠦ᠋ᠰ ᠤᠨ ᠬᠤᠣᠷ ᠨᠢ ᠢᠯᠡᠷᠬᠡᠢ ᠰᠤᠯᠠᠷᠠᠵᠠᠢ᠃ ᠣᠯᠠᠨ ᠨᠡᠶᠢᠲᠡ ᠪᠠᠷ ᠢᠶᠠᠨ ᠳᠠᠷᠬᠠᠯᠠᠭ᠎ᠠ ᠲᠠᠢ ᠪᠣᠯᠣᠭᠰᠠᠨ ᠤᠯᠤᠰ ᠣᠷᠣᠨ ᠤ ᠪᠠᠶᠢᠳᠠᠯ  ᠠᠴᠠ ᠠᠪᠴᠤ ᠦᠵᠡᠪᠡᠯ ᠡᠷᠡᠰᠳᠡᠬᠦ ᠨᠣᠷᠮ᠎ᠠ ᠨᠢ ᠶᠡᠭᠡ ᠪᠠᠷ ᠪᠠᠭᠤᠷᠠᠭᠰᠠᠨ ᠪᠠᠶᠢᠨ᠎ᠠ᠃ ᠡᠶᠢᠮᠦ ᠠᠴᠠ ᠬᠢᠯᠢ ᠶᠢᠨ ᠪᠣᠭᠤᠮᠲᠠ᠂ ᠤᠯᠤᠰ ᠤᠨ ᠳᠣᠲᠣᠭᠠᠳᠤ ᠳᠤ ᠪᠦᠷ ᠨᠡᠭᠡᠭᠡᠯᠲᠡ ᠲᠠᠢ ᠪᠣᠯᠭᠠᠬᠤ ᠠᠴᠠ ᠡᠮᠦᠨ᠎ᠡ ᠪᠢᠳᠠ ᠠᠯᠢ ᠪᠤᠯᠬᠤ ᠪᠠᠷ ᠭᠤᠷᠪᠠᠨ ᠸᠠᠺᠼᠢᠨ ᠢ ᠪᠦᠷᠢᠨ ᠳᠠᠷᠢᠵᠤ᠂ ᠭᠡᠷ ᠲᠡᠭᠡᠨ ᠲᠤᠰᠠᠭᠠᠷᠯᠠᠬᠤ ᠰᠡᠷᠭᠡᠶᠢᠯᠡᠯᠲᠡ ᠶᠢᠨ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠦᠭᠰᠡᠨ ᠰᠠᠭᠤᠷᠢᠨ ᠳᠡᠭᠡᠷ᠎ᠡ ᠮᠠᠨ ᠳᠤ ᠠᠶᠤᠵᠤ ᠰᠣᠴᠢᠬᠤ ᠬᠡᠷᠡᠭ ᠦᠭᠡᠢ ᠪᠤᠯᠤᠨ᠎ᠠ᠃ ᠣᠳᠣ ᠬᠠᠪᠤᠷ ᠤᠨ ᠵᠢᠩ ᠲᠠᠢ ᠪᠠᠶᠢᠭ᠎ᠠ ᠪᠣᠯᠪᠠᠴᠤ ᠤᠷᠢᠨ ᠳᠤᠯᠠᠭᠠᠨ ᠤᠳᠠᠯ ᠦᠭᠡᠢ ᠢᠷᠡᠨ᠎ᠡ ᠭᠡᠵᠡᠢ᠃
 
ᠢᠷᠡᠯᠲᠡ᠄ ᠲᠠᠯᠠᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号