2022 ᠤᠨ ᠤ ᠤᠷᠳᠤᠰ ᠬᠤᠳᠠ ᠶᠢᠨ ᠬᠦᠳᠡᠯᠮᠦᠷᠢ ᠶᠢᠨ ᠵᠢᠱᠢᠶᠡᠴᠢ ᠶᠢ ᠮᠠᠭᠳᠠᠨ ᠰᠠᠶᠢᠰᠢᠶᠠᠵᠤ᠂ ᠭᠠᠯ ᠵᠠᠯᠠᠭᠤ ᠨᠠᠰᠤ ᠪᠠᠨ ᠬᠠᠷᠢᠭᠤᠴᠠᠯᠭ᠎ᠠ ᠡᠬᠦᠷᠬᠡᠯᠡᠯ ᠢᠶᠠᠨ ᠪᠢᠴᠢᠭᠯᠡᠶ᠎ᠡ
ᠨᠡᠶᠢᠲᠡᠯᠡᠭᠰᠡᠨ ᠴᠠᠭ᠄
2022/6/28
2022 ᠤᠨ ᠤ ᠤᠷᠳᠤᠰ ᠬᠤᠳᠠ ᠶᠢᠨ ᠬᠦᠳᠡᠯᠮᠦᠷᠢ ᠶᠢᠨ ᠵᠢᠱᠢᠶᠡᠴᠢ ᠶᠢ ᠮᠠᠭᠳᠠᠨ ᠰᠠᠶᠢᠰᠢᠶᠠᠵᠤ᠂ ᠭᠠᠯ ᠵᠠᠯᠠᠭᠤ ᠨᠠᠰᠤ ᠪᠠᠨ ᠬᠠᠷᠢᠭᠤᠴᠠᠯᠭ᠎ᠠ ᠡᠬᠦᠷᠬᠡᠯᠡᠯ ᠢᠶᠠᠨ ᠪᠢᠴᠢᠭᠯᠡᠶ᠎ᠡ ᠊᠊᠊᠊᠊᠊ ᠰᠠᠶᠢᠰᠢᠶᠠᠯᠳᠤ      ᠰᠠᠶᠢᠰᠢᠶᠠᠯᠳᠤ᠂ ᠡᠷᠡᠭᠲᠡᠢ᠂ 1987 ᠣᠨ ᠤ 1 ᠰᠠᠷ᠎ᠠ ᠳᠤ ᠲᠦᠷᠦᠵᠤ᠂ ᠮᠣᠩᠭᠤᠯ ᠦᠨᠳᠦᠰᠦᠲᠡᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ᠂ ᠶᠡᠭᠡ ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠰᠤᠷᠤᠯᠭ᠎ᠠ ᠶᠢᠨ ᠨᠠᠮᠲᠠᠷ ᠲᠠᠢ᠂ ᠤᠳᠤ ᠳᠤᠮᠳᠠᠳᠤ ᠤᠯᠤᠰ ᠤᠨ ᠱᠧᠨ ᠬᠤᠸᠠ ᠨᠡᠭᠦᠷᠡᠰᠦ ᠪᠠᠷ ᠲᠤᠰᠤ ᠦᠢᠯᠡᠳᠬᠦ ᠬᠢᠮᠢ ᠶᠢᠨ ᠠᠵᠤ ᠦᠢᠯᠡᠳᠪᠦᠷᠢ ᠶᠢᠨ ᠬᠢᠵᠠᠭᠠᠷᠲᠤ ᠺᠣᠮᠫᠠᠨᠢ ᠶᠢᠨ ᠤᠷᠳᠤᠰ ᠤᠨ ᠨᠡᠭᠦᠷᠡᠰᠦ ᠪᠠᠷ ᠲᠤᠰᠤ ᠦᠢᠯᠡᠳᠬᠦ ᠬᠤᠪᠢᠶᠠᠷᠢ ᠺᠣᠮᠫᠠᠨᠢ ᠶᠢᠨ ᠭᠠᠯ ᠤᠨᠲᠠᠷᠠᠭᠠᠬᠤ ᠬᠡᠢ ᠰᠡᠷᠭᠡᠶᠢᠯᠡᠬᠦ ᠲᠥᠪ ᠤᠨ ᠨᠢᠭᠡᠳᠦᠭᠡᠷ ᠳᠤᠮᠳᠠ ᠠᠩᠬᠢ ᠶᠢᠨ ᠳᠠᠷᠤᠭ᠎ᠠ ᠶᠢᠨ ᠲᠤᠰᠢᠶᠠᠯ ᠲᠠᠢ᠃
    2008 ᠣᠨ 5 ᠰᠠᠷ᠎ᠠ ᠳᠤ ᠠᠵᠢᠯᠯᠠᠭᠰᠠᠨ ᠠᠴᠠ ᠨᠠᠰᠢ᠂ ᠤᠷᠢᠳ ᠬᠤᠵᠢᠳ ᠪᠥᠬᠦ ᠤᠯᠤᠰ ᠤᠨ ᠬᠤᠶᠠᠳᠤᠭᠠᠷ ᠬᠤᠭᠤᠴᠠᠭᠠᠨ ᠤ ᠠᠶᠤᠯᠲᠠᠶ ᠬᠢᠮᠢ ᠶᠢᠨ ᠪᠣᠳᠠᠰ ᠤᠨ ᠠᠪᠤᠷᠠᠨ ᠲᠤᠰᠠᠯᠠᠬᠤ ᠮᠡᠷᠭᠡᠵᠢᠯ ᠤᠨ ᠤᠷᠤᠯᠳᠤᠭᠠᠨ ᠳᠤ ︽ᠬᠤᠪᠢ ᠬᠥᠮᠦᠨ ᠤ ᠪᠦᠷᠢᠨ ᠴᠢᠳᠠᠪᠤᠷᠢ ᠶᠢᠨ ᠰᠢᠯᠢᠳᠡᠭ ᠱᠠᠩᠨᠠᠯ︾ ᠭᠥᠷᠳᠡᠵᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠤᠭᠠᠷ ᠬᠤᠭᠤᠴᠠᠭᠠᠨ ᠤ ᠲᠤᠰᠬᠠᠶ ᠲᠤᠰᠢᠶᠠᠯᠲᠤ ᠭᠠᠯ ᠤᠨᠲᠠᠷᠠᠭᠠᠬᠤ ᠵᠠᠭᠤᠨ ᠮᠧᠲᠷ ᠤᠨ ᠰᠠᠭᠠᠳ ᠳᠠᠪᠠᠭ᠋ᠤ ᠭᠤᠷᠪᠠᠳᠤᠭᠠᠷ ᠨᠡᠷ᠎ᠡ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠤᠭᠠᠷ ᠬᠤᠭᠤᠴᠠᠭᠠᠨ ᠤ ᠲᠤᠰᠬᠠᠶ ᠲᠤᠰᠢᠶᠠᠯᠲᠤ ᠭᠠᠯ ᠤᠨᠲᠠᠷᠠᠭᠠᠬᠤ ᠮᠥᠷᠦ᠋ᠢᠴᠡᠭᠡᠨ ᠤ ᠬᠤᠶᠠᠳᠤᠭᠠᠷ ᠬᠡᠰᠡᠭ ᠤᠨ ᠱᠠᠲᠤ ᠲᠠᠲᠠᠬᠤ ᠨᠢᠭᠡᠳᠦᠭᠡᠷ ᠨᠡᠷ᠎ᠡ᠂ ᠤᠯᠤᠰ ᠤᠨ ᠡᠨᠧᠷᠭᠢ ᠶᠢᠨ ᠪᠦᠯᠦᠭᠯᠡᠯ ᠺᠣᠮᠫᠠᠨᠢ ᠶᠢᠨ ︽ᠳ᠋ᠠ ᠱᠢ ᠬᠤᠨᠳᠠᠭᠠᠲᠤ︾ ᠨᠢᠭᠡᠳᠦᠭᠡᠷ ᠬᠤᠭᠤᠴᠠᠭᠠᠨ ᠤ ᠭᠠᠯ ᠤᠨᠲᠠᠷᠠᠭᠠᠬᠤ ᠪᠠᠴᠢᠮ ᠪᠠᠶᠢᠳᠠᠯ ᠢ ᠠᠷᠭᠠᠴᠠᠵᠤ ᠠᠪᠤᠷᠠᠨ ᠲᠤᠰᠠᠯᠠᠬᠤ ᠮᠡᠷᠭᠡᠵᠢᠯ ᠤᠨ ᠤᠷᠤᠯᠳᠤᠭᠠᠨ ᠤ ᠪᠦᠯᠬᠦᠮ ᠤᠨ ᠨᠢᠭᠡᠳᠦᠭᠡᠷ ᠨᠡᠷ᠎ᠡ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︽ᠮᠡᠷᠭᠡᠵᠢᠯ ᠤᠨ ᠵᠢᠱᠢᠶᠡᠴᠢ︾᠎ ᠪᠠᠷ ᠦᠨᠡᠯᠡᠭᠳᠡᠵᠤ᠂ ︽ᠤᠯᠤᠰ ᠤᠨ ᠡᠨᠧᠷᠭᠢ ᠶᠢᠨ ᠪᠦᠯᠦᠭᠯᠡᠯ ᠤᠨ ᠮᠡᠷᠭᠡᠵᠢᠯ ᠤᠨ ᠴᠢᠳᠠᠪᠤᠷᠢᠲᠠᠨ︾᠂ ︽ᠤᠯᠤᠰ ᠤᠨ ᠡᠨᠧᠷᠭᠢ ᠶᠢᠨ ᠪᠦᠯᠦᠭᠯᠡᠯ ᠤᠨ ᠵᠠᠯᠠᠭᠤ ᠠᠵᠢᠯ ᠤᠨ ᠪᠠᠶᠢᠷᠢ ᠶᠢᠨ ᠴᠢᠳᠠᠪᠤᠷᠢᠲᠠᠨ︾ ᠵᠡᠷᠭᠡ ᠢᠷᠠᠭᠤ ᠠᠯᠳᠠᠷ ᠤᠨ ᠴᠣᠯᠠ ᠶᠢ ᠬᠦᠷᠳᠡᠪᠡ᠃      ᠰᠠᠶᠢᠰᠢᠶᠠᠯᠳᠤ ᠨᠥᠬᠦᠷ ᠥᠪᠥᠷ ᠮᠣᠩᠭᠤᠯ ᠤᠨ ᠤᠷᠳᠤᠰ ᠬᠤᠳᠠ ᠶᠢᠨ ᠡᠵᠡᠨ ᠬᠤᠷᠤᠭ᠎ᠠ ᠬᠤᠰᠢᠭᠤᠨ ᠤ ᠨᠤᠭᠤᠭᠤᠨᠪᠤᠯᠠᠭ ᠲᠣᠰᠬᠤᠨ ᠤ ᠲᠠᠪᠤᠳᠤᠭᠠᠷ ᠬᠤᠷᠰᠢᠶ᠎ᠠ ᠶᠢᠨ ᠨᠢᠬᠡᠨ ᠡᠭᠡᠯ ᠵᠢᠷ ᠤᠨ ᠮᠠᠯᠴᠢᠨ ᠲᠠᠷᠢᠶᠠᠴᠢᠨ ᠤ ᠭᠡᠷ ᠳᠤ ᠲᠦᠷᠦᠵᠣ᠂ ᠠᠪᠤ ᠡᠵᠢ ᠨᠢ ᠦᠶ᠎ᠡ ᠶᠢᠨ ᠦᠶ᠎ᠡ ᠪᠠᠷ ᠮᠠᠯ ᠮᠠᠯᠵᠢᠵᠤ᠂ ᠬᠠᠷᠠᠬᠠᠨ ᠪᠠᠭ᠎ᠠ ᠠᠴᠠ ᠪᠠᠨ ᠠᠪᠤ ᠡᠵᠢ ᠶᠢᠨ ᠨᠥᠯᠥᠭᠡᠯᠡᠯ ᠳᠣᠣᠷ᠎ᠠ᠂ ᠠᠵᠢᠯᠴᠢ ᠬᠥᠳᠡᠯᠮᠦᠷᠢᠴᠢ᠂ ᠴᠠᠶᠢᠯᠭᠠᠨ ᠴᠠᠭᠠᠪᠤᠷ᠂ ᠪᠣᠷᠣᠭᠵᠢᠭᠤᠨ ᠰᠢᠯᠢᠳᠡᠭ ᠵᠠᠩ ᠴᠢᠨᠠᠷ ᠲᠠᠢ ᠪᠤᠯᠵᠤ᠂ ᠲᠤᠯᠤᠭᠠᠨ ᠨᠠᠰᠤᠨ ᠠᠴᠠ ᠪᠠᠨ ᠠᠪᠤ ᠡᠵᠢ ᠪᠠᠨ ᠬᠠᠪᠰᠤᠷᠤᠨ ᠮᠠᠯ ᠮᠠᠯᠵᠢᠬᠤ᠂ ᠲᠠᠷᠢᠶ᠎ᠠ ᠲᠠᠷᠢᠬᠤ ᠵᠡᠷᠭᠡ ᠠᠵᠢᠯ ᠢ ᠪᠡᠶᠡᠯᠡᠭᠦᠯᠵᠦ᠂ ᠬᠥᠷᠰᠢ ᠵᠡᠷᠭᠡᠯᠡᠳᠡᠭᠡ ᠶᠢᠨ ᠢᠶᠠᠨ ᠮᠠᠭᠲᠠᠭᠠᠯ ᠰᠠᠶᠢᠰᠢᠶᠠᠯ ᠢ ᠬᠦᠷᠳᠡᠵᠦ ᠪᠠᠶᠢᠪᠠ᠃ ᠰᠤᠷᠭᠠᠭᠤᠯᠢ ᠳᠤ ᠤᠷᠤᠭᠰᠠᠨ ᠤ ᠳᠠᠷᠠᠭ᠎ᠠ᠂ ᠰᠠᠶᠢᠰᠢᠶᠠᠯᠳᠤ ᠠᠷᠠᠳ ᠲᠦᠮᠡᠨ ᠳᠤ ᠦᠢᠯᠡᠴᠢᠯᠡᠬᠦ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠪᠣᠯᠬᠤ ᠪᠠᠷ ᠵᠣᠷᠢᠭ ᠰᠢᠭᠤᠳᠤᠨ᠂ ᠴᠥᠬᠦᠷᠡᠰᠢ ᠥᠬᠡᠶ ᠴᠢᠷᠮᠠᠶᠢᠯᠭ᠎ᠠ ᠪᠠᠷ ᠳᠡᠮᠵᠢᠨ ᠲᠡᠷᠡ ᠳᠤᠮᠳᠠᠳᠤ ᠤᠯᠤᠰ ᠤᠨ ᠵᠡᠪᠰᠡᠭᠲᠦ ᠴᠠᠭᠳᠠᠭ᠎ᠠ ᠶᠢᠨ ᠴᠡᠷᠢᠭ ᠠᠩᠭᠢ ᠶᠢᠨ ᠲᠢᠶᠠᠨᠵᠢᠨ ᠤ ᠶᠡᠷᠦᠩᠬᠡᠶ ᠠᠩᠭᠢ ᠶᠢᠨ ᠵᠡᠪᠰᠡᠭᠲᠦ ᠴᠠᠭᠳᠠᠭ᠎ᠠ ᠶᠢᠨ ᠪᠠᠶᠢᠯᠳᠤᠭᠴᠢ ᠪᠣᠯᠵᠣ᠂ ᠴᠡᠷᠢᠭ ᠤᠨ ᠠᠯᠪᠠ ᠬᠠᠭᠠᠵᠤ ᠪᠠᠶᠢᠬᠤ ᠬᠤᠭᠤᠴᠠᠭᠠᠨ ᠳᠠᠭᠠᠨ ᠬᠤᠶᠠᠷ ᠤᠳᠠᠭ᠎ᠠ ︽ᠰᠢᠯᠢᠳᠡᠭ ᠪᠠᠶᠢᠯᠳᠤᠭᠴᠢ︾᠎ ᠶᠢᠨ ᠴᠣᠯᠠ ᠭᠥᠷᠳᠡᠵᠦ᠂ ᠳᠡᠭᠡᠳᠦ ᠱᠠᠲᠤᠨ ᠤ ᠤᠳᠤᠷᠢᠳᠤᠯᠭ᠎ᠠ ᠪᠠ ᠳᠠᠶᠢᠴᠢᠨ ᠨᠥᠬᠦᠳ ᠤᠨ ᠬᠠᠮᠲᠤ ᠶᠢᠨ ᠰᠠᠶᠢᠨ ᠦᠨᠡᠯᠡᠯᠲᠡ ᠶᠢ ᠣᠯᠪᠠ᠃ ᠴᠡᠷᠢᠭ ᠤᠨ ᠠᠯᠪᠠ ᠠᠴᠠ ᠬᠠᠯᠠᠭᠳᠠᠭᠰᠠᠨ ᠤ ᠳᠠᠷᠠᠭ᠎ᠠ ᠰᠠᠢᠰᠢᠶᠠᠯᠳᠤ ᠨᠡᠭᠦᠷᠡᠰᠦ ᠪᠠᠷ ᠲᠣᠰᠣ ᠦᠢᠯᠡᠳᠬᠦ ᠺᠣᠮᠫᠠᠨᠢ ᠶᠢᠨ ᠭᠠᠯ ᠤᠨᠲᠠᠷᠠᠭᠠᠬᠤ ᠬᠡᠢ ᠶᠢᠨ ᠰᠡᠷᠭᠡᠶᠢᠯᠡᠯᠲᠡ ᠶᠢᠨ ᠲᠥᠪ ᠲᠤ ᠣᠷᠣᠵᠤ᠂ ᠨᠢᠭᠡᠨ ᠰᠢᠯᠢᠳᠡᠭ ᠭᠠᠯ ᠤᠨᠲᠠᠷᠠᠭᠠᠬᠤ ᠵᠢᠯᠣᠭᠤᠳᠣᠭᠴᠢ ᠪᠣᠯᠵᠠᠶ᠃ ᠠᠵᠢᠯ ᠤᠨ ᠬᠤᠭᠤᠴᠠᠭᠠᠨ ᠳᠤ᠂ ᠲᠡᠷᠡ ᠠᠯᠢᠪᠠ ᠶᠠᠪᠤᠳᠠᠯ ᠳᠤ ᠴᠥᠮ ᠪᠡᠶ᠎ᠡ ᠪᠠᠷ ᠢᠶᠠᠨ ᠣᠷᠣᠯᠴᠠᠵᠤ᠂ ᠦᠨᠳᠦᠰᠦᠨ ᠱᠠᠲᠤᠨ ᠤ ᠠᠵᠢᠯᠳᠠᠨ ᠳᠤ ᠦᠯᠢᠭᠡᠷ ᠳᠠᠭᠤᠷᠢᠶᠠᠯ ᠦᠵᠡᠭᠦᠯᠵᠦ᠂ ᠰᠢᠯᠢᠳᠡᠭ ᠰᠤᠷᠲᠠᠯ ᠢ ᠠᠵᠢᠯ ᠤᠨ ᠳᠤᠮᠳᠠ ᠭᠦᠢᠴᠡᠳ ᠢᠯᠡᠷᠡᠭᠦᠯᠪᠡ᠃      2010 ᠣᠨ ᠳᠤ ᠲᠡᠷᠡ ᠭᠠᠯ ᠤᠨᠲᠠᠷᠠᠭᠠᠬᠤ ᠰᠢᠯᠢᠳᠡᠭ ᠭᠡᠰᠢᠭᠦᠨ ᠤ ᠬᠤᠪᠢ ᠪᠠᠷ ᠠᠩᠬᠠᠳᠤᠭᠠᠷ ᠬᠤᠭᠤᠴᠠᠭᠠᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠯ ᠤᠨᠲᠠᠷᠠᠭᠠᠬᠤ ᠮᠥᠷᠦ᠋ᠢᠴᠡᠭᠡᠨ ᠳᠤ ᠪᠡᠯᠡᠳᠬᠡᠵᠦ᠂ ᠤᠷᠤᠯᠳᠤᠭᠠᠨ ᠳᠤ ᠪᠡᠯᠡᠳᠬᠡᠬᠦ ᠬᠤᠭᠤᠴᠠᠭᠠᠨ ᠳᠤ᠂ ᠰᠠᠢᠰᠢᠶᠠᠯᠳᠤ ᠪᠦᠬᠦ ᠰᠡᠳᠬᠢᠯ ᠪᠦᠬᠦ ᠵᠣᠷᠢᠭ ᠢᠶᠠᠷ ᠢᠶᠠᠨ ᠤᠷᠤᠯᠳᠤᠭᠠᠨ ᠤ ᠲᠥᠷᠥᠯ ᠵᠦᠢᠯ ᠤᠨ ᠪᠣᠯᠪᠠᠰᠤᠷᠠᠯ ᠳᠤ ᠣᠷᠣᠯᠴᠠᠪᠠ᠃ ᠡᠭᠦᠨ ᠳᠤ ᠬᠤᠶᠠᠷ ᠬᠥᠮᠦᠨ ᠤ 6 ᠮᠧᠲᠷ ᠤᠨ ᠬᠤᠶᠠᠷ ᠦᠶ᠎ᠡ ᠶᠢᠨ ᠲᠠᠲᠠᠭᠤᠷ ᠱᠠᠲᠤ ᠭᠡᠳᠡᠭ᠂ ᠰᠠᠶᠢᠰᠢᠶ᠋ᠶᠠᠯᠳᠤ ᠱᠠᠲᠤ ᠶᠢ ᠬᠠᠷᠢᠭᠤᠴᠠᠵᠤ ᠂ 30 ᠮᠧᠲᠷ ᠤᠨ ᠡᠬᠢᠯᠡᠯᠲᠡ ᠶᠢᠨ ᠴᠡᠭ ᠠᠴᠠ ᠡᠬᠢᠯᠡᠨ᠂ ᠬᠠᠮᠤᠭ ᠲᠦᠷᠭᠡᠨ ᠬᠤᠷᠳᠤᠴᠠ ᠪᠠᠷ ᠡᠬᠢᠯᠡᠨ ᠭᠦᠶᠦᠵᠦ ᠪᠣᠯᠪᠠᠰᠤᠷᠠᠯ ᠤᠨ ᠰᠤᠪᠤᠷᠭ᠎ᠠ ᠳᠤ ᠬᠦᠷᠴᠦ᠂ 6 ᠮᠧᠲᠷ ᠤᠨ ᠲᠠᠲᠠᠭᠤᠷ ᠱᠠᠲᠤ ᠶᠢ ᠪᠦᠬᠦ ᠬᠦᠴᠦᠨ ᠢᠶᠠᠷ ᠢᠶᠠᠨ ᠲᠠᠲᠠᠵᠤ ᠪᠣᠯᠪᠠᠰᠤᠷᠠᠯ ᠤᠨ ᠰᠤᠪᠤᠷᠭ᠎ᠠ ᠶᠢᠨ ᠬᠤᠶᠠᠳᠤᠭᠠᠷ ᠳᠠᠪᠬᠤᠷ ᠲᠤ ᠬᠦᠷᠴᠦ᠂ ᠰᠠᠶᠢᠰᠢᠶᠠᠯᠳᠤ ᠬᠠᠮᠤᠭ ᠬᠤᠷᠳᠤᠴᠠ ᠪᠠᠷ ᠬᠤᠶᠠᠳᠤᠭᠠᠷ ᠳᠠᠪᠬᠤᠷ ᠲᠤ ᠠᠪᠠᠷᠢᠨ ᠭᠠᠷᠴᠤ ᠬᠠᠰᠬᠢᠷᠤᠨ᠎ᠠ᠃ ᠡᠨᠡ ᠪᠣᠯ ᠳᠠᠷᠤᠢ ᠮᠡᠷᠭᠡᠵᠢᠯ ᠬᠡᠷᠡᠭᠰᠡᠬᠦ ᠮᠥᠷᠲᠡᠭᠡᠨ ᠲᠠᠮᠢᠷ ᠲᠡᠩᠬᠡᠭᠡ ᠪᠠ ᠲᠡᠰᠪᠦᠷᠢ ᠲᠡᠪᠴᠢᠶᠡᠷᠢ ᠬᠡᠷᠡᠭᠰᠡᠬᠦ ᠬᠤᠪᠢ ᠨᠡᠮᠡᠬᠦ ᠲᠥᠷᠥᠯ ᠵᠦᠢᠯ ᠪᠣᠯᠤᠨ᠎ᠠ᠂ ᠥᠨᠳᠥᠷ ᠬᠤᠪᠢ ᠣᠯᠬᠤ ᠶᠢᠨ ᠲᠥᠯᠥᠭᠡ᠂ ᠰᠠᠢᠰᠢᠶᠠᠯᠳᠤ ᠳᠠᠬᠢᠨ ᠳᠠᠪᠲᠠᠨ ᠪᠣᠯᠪᠠᠰᠤᠷᠠᠪᠠ᠃ ᠪᠣᠯᠪᠠᠰᠤᠷᠠᠯ ᠬᠢᠬᠦ ᠦᠶ᠎ᠡ ᠳᠤ ᠪᠠᠭ᠎ᠠ ᠯᠠ ᠠᠩᠬᠠᠷᠬᠤ ᠦᠭᠡᠢ ᠪᠣᠯ ᠱᠠᠳᠤᠨ ᠳᠤ ᠰᠢᠯᠪᠢ ᠪᠠᠨ ᠬᠤᠰᠤᠵᠤ᠂ ᠰᠠᠶᠢᠰᠢᠶᠠᠯᠳᠤ ᠶᠢᠨ ᠬᠦᠯ ᠨᠢ ᠦᠷᠭᠦᠯᠵᠢ ᠰᠢᠷᠬᠠᠳᠠᠵᠤ᠂ ᠲᠠᠬᠢᠭᠠᠳ ᠪᠣᠯᠪᠠᠰᠤᠷᠠᠭᠠᠳ ᠬᠠᠭᠤᠴᠢᠨ ᠰᠣᠷᠪᠢ ᠳᠡᠭᠡᠷ᠎ᠡ ᠬᠤᠰᠤᠪᠠᠯ ᠨᠡᠩ ᠡᠪᠡᠳᠦᠨ᠎ᠡ᠃ ᠭᠡᠪᠡᠴᠦ ᠴᠡᠷᠢᠭ ᠪᠠᠶᠢᠭᠰᠠᠨ ᠲᠡᠷᠡ ᠬᠦᠴᠢᠷ ᠪᠡᠷᠬᠡᠰᠢᠶᠡᠯ ᠤᠨ ᠡᠮᠦᠨ᠎ᠡ ᠲᠣᠯᠣᠭᠠᠢ ᠪᠥᠬᠦ᠋ᠢᠬᠦ ᠦᠭᠡᠢ᠂ ᠴᠡᠷᠢᠭ ᠤᠨ ᠠᠯᠪᠠ ᠠᠴᠠ  ᠬᠠᠯᠠᠭᠳᠠᠭᠰᠠᠨ ᠴᠤ ᠴᠤᠭ ᠰᠦᠯᠳᠠ ᠨᠢ ᠬᠤᠭᠤᠷᠠᠬᠤ ᠦᠬᠡᠢ ᠵᠣᠷᠢᠭ ᠰᠠᠨᠠᠭ᠎ᠠ ᠨᠢ ᠴᠦ ᠲᠡᠭᠦᠨ ᠢ ᠳᠡᠮᠵᠢᠭᠰᠡᠭᠡᠷ ᠪᠠᠶᠢᠪᠠ᠂ ᠲᠡᠷᠡ ᠵᠣᠷᠢᠭ ᠮᠣᠬᠤᠭᠰᠠᠨ ᠦᠭᠡᠢ᠂ ᠪᠣᠯᠪᠠᠰᠤᠷᠠᠭᠰᠠᠭᠠᠷ᠂ ᠬᠤᠰᠤᠭᠰᠠᠭᠠᠷ᠂ ᠡᠪᠡᠳᠦᠭᠰᠡᠭᠡᠷ ᠪᠠᠶᠢᠪᠠ᠃ ᠴᠢᠷᠮᠠᠶᠢᠯᠭ᠎ᠠ ᠬᠦᠮᠦᠨ ᠢ ᠬᠦᠰᠡᠷᠳᠡᠬᠦᠯᠬᠦ ᠦᠬᠡᠢ ᠬᠡᠭᠴᠢ ᠪᠠᠷ ᠬᠠᠮᠤᠭ ᠰᠡᠭᠦᠯ ᠳᠤ ᠨᠢ ᠡᠨᠡ ᠬᠦ ᠲᠦᠷᠦᠯ ᠤᠨ ᠤᠷᠤᠯᠳᠤᠭᠠᠨ ᠳᠤ ᠬᠤᠶᠠᠳᠤᠭᠠᠷ ᠦᠶ᠎ᠡ ᠶᠢᠨ ᠲᠠᠲᠠᠭᠤᠷ ᠱᠠᠲᠤᠨ ᠤ ᠨᠢᠭᠡᠳᠦᠭᠡᠷ ᠲᠤ ᠣᠷᠣᠵᠤ᠂ ᠵᠠᠭᠤᠨ ᠮᠧᠲᠷ ᠤᠨ ᠪᠠᠲᠤᠯᠠᠭ᠎ᠠ ᠶᠢᠨ ᠴᠢᠨᠠᠷᠲᠠᠢ ᠬᠤᠪᠢ ᠬᠥᠮᠦᠨ ᠤ ᠭᠤᠷᠪᠠᠳᠤᠭᠠᠷ᠂ ᠪᠦᠯᠬᠦᠮ ᠤᠨ ᠨᠢᠭᠡᠳᠦᠭᠡᠷ ᠤᠨ ᠣᠮᠣᠭᠰᠢᠯᠲᠠᠢ ᠠᠮᠵᠢᠯᠲᠠ ᠤᠯᠪᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号