ᠤᠷᠳᠤᠰ ᠮᠤᠩᠭᠤᠯᠵᠢᠨ ᠰᠢᠲᠠᠷ᠎ᠠ ᠶᠢᠨ ᠨᠡᠶᠢᠬᠡᠮᠯᠢᠭ ᠤᠨ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2022/6/14
    ᠤᠷᠳᠤᠰ ᠮᠤᠩᠭᠤᠯᠵᠢᠨ ᠰᠢᠲᠠᠷ᠎ᠠ ᠶᠢᠨ ᠨᠡᠶᠢᠬᠡᠮᠯᠢᠭ ᠤᠨ ᠲᠤᠪᠴᠢ ᠲᠠᠨᠢᠯᠴᠠᠭᠤᠯᠭ᠎ᠠ      ᠨᠠᠮ ᠵᠠᠰᠠᠭ ᠤᠨ ᠬᠠᠷᠠᠭᠠᠯᠵᠠᠯ ᠢᠶᠠᠷ ᠤᠷᠳᠤᠰ ᠮᠤᠩᠭᠤᠯᠵᠢᠨ ᠰᠢᠲᠠᠷ᠎ᠠ ᠶᠢᠨ ᠨᠡᠶᠢᠬᠡᠮᠯᠢᠭ ᠨᠢ 2015 ᠤᠨ ᠤ ᠭᠤᠷᠪᠠᠨ ᠰᠠᠷ᠎ᠠ ᠳᠤ ᠵᠢᠩᠬᠢᠨᠢ ᠪᠠᠷ ᠪᠠᠶᠢᠭᠤᠯᠤᠭᠳᠠᠯ᠎ᠠ᠃ ᠮᠠᠨ ᠤ ᠨᠡᠶᠢᠬᠡᠮᠯᠢᠭ ᠨᠢ ᠲᠡᠷᠢᠬᠦᠯᠡᠭᠴᠢ᠂ ᠪᠠᠶᠢᠩᠭᠤ ᠶᠢᠨ ᠲᠡᠳ᠋ ᠲᠡᠷᠢᠬᠦᠯᠡᠭᠴᠢ᠂ ᠨᠠᠷᠢᠨ ᠪᠢᠴᠢᠭ ᠤᠨ ᠲᠠᠷᠤᠭ᠎ᠠ᠂ ᠲᠡᠳ᠋ ᠲᠡᠷᠢᠬᠦᠯᠡᠭᠴᠢ ᠲᠠᠢ ᠪᠦᠬᠡᠳ ᠲᠤᠯᠤᠭᠠᠨ ᠬᠤᠰᠢᠭᠤ᠂ ᠬᠤᠶᠠᠷ ᠲᠤᠭᠤᠷᠢᠭ ᠲᠤ ᠲᠤᠰ ᠪᠦᠷᠢ ᠬᠡᠷᠡᠭ ᠮᠡᠳᠡᠭᠴᠢ ᠲᠠᠢ᠂ ᠠᠷᠠᠳ ᠤᠨ ᠶᠠᠪᠤᠳᠠᠯ ᠤᠨ ᠭᠠᠵᠠᠷ ᠲᠤ ᠲᠠᠩᠰᠠᠯᠠᠭᠤᠯᠤᠭᠰᠠᠨ ᠬᠠᠤᠯᠢ ᠶᠤᠰᠤᠨ ᠤ ᠤᠯᠠᠨ ᠲᠦᠮᠡᠨᠴᠢ ᠵᠤᠬᠢᠶᠠᠨ ᠪᠠᠶᠢᠭᠤᠯᠤᠯᠳᠠ ᠶᠤᠮ᠃      ᠨᠡᠶᠢᠬᠡᠮᠯᠢᠭ ᠤᠨ ᠲᠦᠯᠦᠬᠡᠯᠡᠬᠦ ᠴᠢᠨᠠᠷ ᠲᠠᠢ ᠤᠷᠤᠯᠳᠤᠭᠠᠨ ᠨᠤᠭᠤᠳ      ᠨᠢᠬᠡ᠂ ︽ᠠᠯᠳᠠᠨᠰᠢᠷᠡᠭᠡ︾ ᠨᠡᠷᠡᠮᠵᠢᠳᠦ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠮᠤᠩᠭᠤᠯ ᠰᠢᠲᠠᠷ᠎ᠠ ᠶᠢᠨ ᠤᠷᠤᠯᠳᠤᠭᠠᠨ      ᠡᠵᠡᠨ ᠬᠤᠷᠤᠭ᠎ᠠ ᠬᠤᠰᠢᠭᠤᠨ ᠤ ᠲᠦᠪ ᠪᠤᠯᠬᠤ ᠠᠯᠳᠠᠨᠰᠢᠷᠡᠭᠡ ᠪᠠᠯᠭᠠᠰᠤ  ᠪᠤᠯ ᠲᠤᠮᠤᠭ ᠲᠠᠢ ᠦᠯᠢᠬᠡᠷ ᠲᠠᠢ ᠰᠠᠶᠢᠬᠠᠨ ᠨᠤᠳᠤᠭ ᠶᠤᠮ᠃ ᠬᠠᠭᠠᠨ ᠰᠠᠭᠤᠷᠢᠨ ᠢ ᠵᠠᠯᠭᠠᠮᠵᠢᠯᠠᠬᠤ ᠰᠠᠶᠢᠬᠠᠨ ᠭᠠᠵᠠᠷ ᠤᠷᠤᠨ ᠬᠡᠵᠦ ᠰᠢᠨᠵᠢᠬᠡᠴᠢ ᠠᠴᠠ ᠦᠨᠡᠯᠡᠭᠰᠡᠨ ᠠᠴᠠ 1918 ᠤᠨ ᠳᠤ ᠲᠦᠪᠰᠢᠨᠵᠢᠷᠭᠠᠯ ᠨᠤᠶᠠᠨ ᠦᠪᠡᠷ ᠤᠨ ᠵᠠᠰᠠᠭ ᠤᠨ ᠤᠷᠳᠤᠨ ᠢᠶᠠᠨ ᠠᠳᠡ ᠪᠠᠶᠢᠭᠤᠯᠤᠭᠰᠠᠨ ᠶᠤᠮ᠃ ᠶᠠᠭ ᠰᠠᠶᠢᠬᠠᠨ ᠨᠠᠫᠦᠯᠢᠶᠤᠨ ᠤ ᠬᠡᠯᠡᠭᠰᠡᠨᠴᠢᠯᠡᠨ ︽ᠵᠠᠩᠵᠤᠨ ᠰᠠᠭᠤᠬᠤ ᠲᠤᠷ᠎ᠠ ᠦᠬᠡᠢ ᠴᠡᠷᠢᠭ ᠪᠤᠯ ᠰᠠᠶᠢᠨ ᠴᠡᠷᠢᠭ ᠪᠢᠰᠢ︾ ᠬᠡᠲᠡᠭ ᠢᠶᠠᠷ ︽ᠲᠡᠷᠢᠬᠦᠯᠡᠬᠦ ᠬᠦᠰᠡᠯ ᠦᠬᠡᠢ ᠰᠢᠲᠠᠷᠠᠴᠢᠨ ᠪᠤᠯ ᠰᠢᠯᠢᠳᠡᠭ ᠰᠢᠲᠠᠷᠠᠴᠢᠨ ᠪᠢᠰᠢ︾ ᠬᠡᠬᠦ ᠤᠷᠢᠶᠠᠯᠠᠭ᠎ᠠ ᠲᠤᠤᠷ᠎ᠠ ᠮᠠᠨ ᠤ ︽ᠠᠯᠳᠠᠨᠰᠢᠷᠡᠭᠡ︾ ᠨᠡᠷᠡᠮᠵᠢᠳᠦ ᠤᠷᠤᠯᠳᠤᠭᠠᠨ ᠮᠠᠨᠢ 2016 ᠤᠨ ᠠᠴᠠ ᠦᠨᠦ ᠪᠤᠯᠳᠠᠯ᠎ᠠ ᠨᠡᠶᠢᠳᠠ ᠠᠷᠪᠠ ᠤᠳᠠᠭ᠎ᠠ ᠶᠠᠪᠤᠭᠳᠠᠵᠤ᠂ ᠠᠩᠬᠠᠨ ᠤ ᠤᠷᠤᠯᠳᠤᠭᠠᠨ ᠳᠤ ᠡᠵᠡᠨ ᠬᠤᠷᠤᠭ᠎ᠠ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ ᠶᠢᠨ ᠰᠤᠷᠤᠭᠴᠢ ᠵᠠᠩ ᠫᠧᠩ ᠴᠧᠩ ᠠᠯᠳᠠᠨ ᠰᠢᠷᠡᠬᠡᠨ ᠳᠤ ᠰᠠᠭᠠᠳᠠᠵᠤ᠂ ᠶᠢᠰᠦᠳᠦᠬᠡᠷ ᠤᠳᠠᠭᠠᠨ ᠤ ᠤᠷᠤᠯᠳᠤᠭᠠᠨ ᠳᠤ ᠲᠠᠯᠠᠳ ᠬᠤᠰᠢᠭᠤᠨ ᠤ ᠶᠤᠸᠠᠢ ᠺᠠᠢ ᠰᠢᠶᠦ᠋ᠨ ᠬᠠᠭᠠᠨ ᠰᠠᠭᠤᠷᠢᠨ ᠳᠤ ᠮᠤᠷᠢᠯᠠᠨ᠂ ᠪᠤᠰᠤᠳ ᠨᠠᠢᠮᠠ ᠤᠲᠠᠭᠠᠨ ᠤ ᠤᠷᠤᠯᠳᠤᠭᠠᠨ ᠳᠤ ᠴᠦᠮ ᠳ᠋ᠦᠩᠱᠧᠩ ᠲᠤᠭᠤᠷᠢᠭ ᠤᠨ ᠮᠤᠩᠭᠤᠯ ᠪᠠᠭ᠎ᠠ ᠰᠤᠷᠭᠠᠭᠤᠯᠢ ᠶᠢᠨ ᠠᠰᠢᠳᠠ ᠬᠠᠭᠠᠨ ᠤ ᠠᠯᠳᠠᠨ ᠰᠠᠭᠤᠳᠠᠯ ᠢ ᠪᠠᠳᠤ ᠡᠵᠡᠯᠡᠭᠰᠡᠨ ᠪᠠᠶᠢᠨ᠎ᠠ᠃ ᠡᠨᠡ ᠵᠢᠯ ᠪᠤᠯ ᠠᠯᠳᠠᠨᠰᠢᠷᠡᠭᠡ ᠭᠡᠮᠡᠬᠦ ᠨᠡᠷ᠎ᠡ ᠪᠤᠢ ᠪᠤᠯᠤᠬᠰᠠᠨ ᠵᠠᠭᠤᠨ ᠵᠢᠯ ᠤᠨ ᠤᠢ ᠪᠤᠯᠤᠨ᠎ᠠ᠂ ᠡᠨᠡ ᠰᠠᠶᠢᠬᠠᠨ ᠵᠠᠪᠰᠢᠶᠠᠨ ᠢᠶᠠᠷ ᠪᠢᠳᠠ ︽ᠠᠯᠳᠠᠨᠰᠢᠷᠡᠭᠡ︾ ᠨᠡᠷᠡᠮᠵᠢᠳᠦ ᠮᠤᠩᠭᠤᠯ ᠰᠢᠳᠠᠷ᠎ᠠ ᠶᠢᠨ ᠤᠷᠤᠯᠳᠤᠭᠠᠨ ᠢᠶᠠᠨ ᠨᠡᠩ ᠤᠳᠬ᠎ᠠ ᠠᠭᠤᠯᠭ᠎ᠠ ᠲᠠᠢ ᠦᠷᠨᠢᠬᠦᠯᠬᠦ ᠪᠠᠷ ᠲᠦᠯᠦᠪᠯᠡᠵᠤ ᠪᠠᠶᠢᠨ᠎ᠠ᠃
    ᠬᠤᠶᠠᠷ᠂ ︽ᠠᠯᠳᠠᠨ ᠲᠢᠳᠢᠮ︾ ᠮᠤᠩᠭᠤᠯ ᠰᠢᠲᠠᠷ᠎ᠠ ᠶᠢᠨ ᠤᠷᠤᠯᠳᠤᠭᠠᠨ1972 ᠤᠨ ᠳᠤ ᠤᠷᠳᠤᠰ ᠬᠤᠳᠠ ᠶᠢᠨ ᠬᠠᠩᠬᠢᠨ ᠬᠤᠰᠢᠭᠤᠨ ᠠᠴᠠ ᠨᠢᠬᠡᠨ ᠬᠠᠭᠠᠨ ᠤ ᠠᠯᠳᠠᠨ ᠲᠢᠳᠢᠮ ᠤᠯᠳᠠᠵᠠᠢ᠃ ᠬᠠᠭᠤᠴᠢ ᠰᠤᠳᠤᠯᠤᠬᠴᠢᠳ ᠠᠴᠠ ᠡᠨᠡᠬᠦ ᠲᠢᠳᠢᠮ ᠪᠤᠯ 2400 ᠵᠢᠯ ᠤᠨ ᠡᠮᠦᠨᠡᠬᠢ  ᠾᠦᠡᠭᠨᠤ ᠶᠢᠨ ᠬᠠᠭᠠᠳ ᠤᠨ ᠠᠯᠳᠠᠨ ᠲᠢᠳᠢᠮ ᠬᠡᠵᠦ ᠨᠤᠳᠠᠯᠠᠵᠠᠢ᠃ ᠡᠶᠢᠮᠦ ᠠᠴᠠ  ᠤᠷᠳᠤᠰ ᠬᠤᠳᠠ ᠪᠤᠯ ᠦᠨᠢ ᠤᠲᠠᠭᠠᠨ ᠲᠡᠦᠬᠡ ᠰᠤᠶᠤᠯ ᠲᠠᠢ ᠬᠡᠰᠡᠨ ᠢ ᠬᠠᠷᠠᠭᠤᠯᠵᠤ ᠪᠠᠶᠢᠨ᠎ᠠ᠃ ᠡᠬᠦᠨ ᠢᠶᠠᠷ ᠪᠠᠷᠠᠬᠤ ᠦᠬᠡᠢ ᠰᠢᠲᠠᠷ᠎ᠠ ᠶᠢᠨ ᠤᠷᠤᠯᠳᠤᠭᠠᠨ ᠪᠤᠯ ᠤᠶᠤᠨ ᠤ ᠲᠡᠮᠡᠴᠡᠬᠡᠨ ᠮᠥᠨ᠂ ᠡᠶᠢᠮᠦ ᠠᠴᠠ ᠠᠯᠳᠠᠨ ᠮᠠᠯᠠᠭᠠᠢ ᠱᠠᠩᠨᠠᠵᠤ ᠬᠦᠬᠢᠬᠦᠯᠬᠦ ᠶᠤᠰᠤᠳᠠᠢ᠂ ᠬᠠᠭᠠᠨ ᠤ ᠡᠷᠬᠢᠮ  ᠨᠡᠷ᠎ᠡ ᠬᠦᠨᠳᠦ ᠶᠢ ᠤᠯᠤᠭᠰᠠᠨ ᠪᠠᠶᠢᠬᠤ ᠶᠤᠰᠤᠳᠠᠢ᠃ ᠪᠢᠳᠠ 2016 ᠤᠨ ᠎ ᠠᠴᠠ ᠡᠬᠢᠯᠡᠨ ᠬᠢᠶ᠎ᠠ ᠪᠠᠭᠰᠢ ᠲᠤᠭᠤᠷᠢᠭ ᠤᠨ ᠮᠤᠩᠭᠤᠯ ᠰᠢᠲᠠᠷ᠎ᠠ ᠶᠢᠨ ᠠᠭᠤᠳᠠᠮ ᠲᠠᠯᠠᠪᠠᠢ ᠳᠤ ᠬᠤᠶᠠᠷ ᠵᠢᠯ ᠲᠠᠷᠠᠭᠠᠯᠠᠨ ︽ᠠᠯᠳᠠᠨ ᠲᠢᠳᠢᠮ︾ ᠮᠤᠩᠭᠤᠯ ᠰᠢᠲᠠᠷ᠎ᠠ ᠎ ᠶᠢᠨ ᠤᠷᠤᠯᠳᠤᠭᠠᠨ ᠢ ᠶᠠᠪᠤᠭᠳᠠᠭᠤᠯᠵᠤ ᠤᠷᠳᠤᠰ ᠮᠤᠩᠭᠤᠯᠵᠢᠨ ᠰᠢᠲᠠᠷ᠎ᠠ ᠶᠢᠨ ᠨᠡᠶᠢᠬᠡᠮᠯᠢᠭ ᠤᠨ ᠦᠪᠡᠷᠮᠢᠴᠡ ᠤᠨᠴᠠᠯᠢᠭ ᠲᠠᠢ ᠲᠡᠮᠡᠴᠡᠬᠡᠨ  ᠪᠤᠯᠤᠬᠰᠠᠨ ᠶᠤᠮ᠃
     ᠭᠤᠷᠪᠠ᠂ ︽ᠬᠦᠬᠡᠬᠤᠳᠠ ᠪᠤᠭᠤᠳᠤ ᠤᠷᠳᠤᠰ︾ ᠨᠡᠷᠡᠮᠵᠢᠳᠦ ᠵᠠᠯᠠᠭᠤ ᠪᠠᠭᠠᠴᠤᠳ ᠤᠨ ᠲᠡᠯᠡᠬᠡᠢ ᠶᠢᠨ ᠰᠢᠲᠠᠷ᠎ᠠ ᠶᠢᠨ ᠤᠷᠤᠯᠳᠤᠭᠠᠨ      ᠦᠪᠦᠷ ᠮᠤᠩᠭᠤᠯ ᠤᠨ ᠠᠵᠤ ᠠᠬᠤᠢ ᠶᠢᠨ ᠭᠤᠷᠪᠠᠯᠵᠢᠨ ᠬᠤᠶᠢᠭ ᠪᠤᠯᠤᠭᠰᠠᠨ ᠤᠷᠤᠨ ᠳᠤ ᠲᠡᠯᠡᠬᠡᠢ ᠶᠢᠨ ᠰᠢᠲᠠᠷ᠎ᠠ ᠶᠢᠨ ᠤᠷᠤᠯᠳᠤᠭᠠᠨ ᠦᠷᠨᠢᠬᠦᠯᠵᠦ ᠪᠠᠶᠢᠭ᠎ᠠ ᠨᠢ ᠮᠤᠩᠭᠤᠯ ᠰᠢᠲᠠᠷ᠎ᠠ ᠶᠢᠨ ᠬᠦᠭᠵᠢᠯᠳᠡ ᠶᠢ ᠲᠦᠷᠬᠡᠳᠬᠡᠨ ᠡᠷᠳᠡ ᠨᠢᠬᠡᠨ ᠡᠳᠦᠷ ᠲᠡᠯᠡᠬᠡᠶᠢᠵᠢᠬᠦᠯᠬᠦ ᠳᠤ ᠲᠦᠯᠬᠢᠴᠡ ᠬᠦᠴᠦᠨ ᠪᠤᠯᠬᠤ ᠨᠢ ᠲᠠᠮᠵᠢᠭ ᠦᠬᠡᠢ
     ᠲᠦᠷᠪᠡ᠂ ᠤᠷᠳᠤᠰ ᠰᠤᠳᠤᠨ ᠰᠢᠲᠠᠷᠠᠴᠢᠳ ᠤᠨ ᠤᠷᠤᠯᠳᠤᠭᠠᠨ      ᠮᠤᠩᠭᠤᠯ ᠰᠢᠲᠠᠷ᠎ᠠ ᠪᠠᠨ ᠪᠠᠷᠤᠭ ᠵᠠᠭᠤᠨ ᠲᠠᠪᠢᠨ ᠵᠢᠯ ᠤᠷᠬᠢᠵᠤ᠂ ᠪᠤᠭᠤ ᠰᠢᠲᠠᠷ᠎ᠠ᠂ ᠵᠡᠷᠭᠡ ᠰᠢᠲᠠᠷ᠎ᠠ ᠨᠠᠭᠠᠳᠤᠭᠰᠠᠨ ᠤᠷᠳᠤᠰᠴᠤᠳ ᠲᠤ ᠠᠪᠴᠤ ᠬᠡᠯᠡᠪᠡᠯ ᠦᠪᠡᠷᠰᠡᠳ ᠤᠨ ᠲᠠᠮᠢᠷᠴᠢᠨ ᠤ ᠤᠬᠠᠭᠠᠨ ᠴᠢᠳᠠᠪᠤᠷᠢ ᠶᠢ ᠨᠢ ᠰᠤᠷᠢᠵᠤ ᠢᠳᠡᠪᠬᠢᠵᠢᠯ ᠢ ᠲᠡᠬᠡᠭᠰᠢᠯᠡᠬᠦᠯᠬᠦ ᠨᠢ ᠪᠢᠳᠠᠨ ᠤ ᠵᠠᠪᠠᠯ ᠬᠢᠬᠦ ᠠᠵᠢᠯ ᠮᠥᠨ᠃ ᠡᠶᠢᠮᠦ ᠶᠢᠨ ᠲᠤᠯᠠᠳᠠ ᠮᠠᠨ ᠤ ᠨᠡᠶᠢᠬᠡᠮᠯᠢᠭ ᠤᠷᠳᠤᠰ ᠰᠤᠳᠤᠨ ᠰᠢᠳᠠᠷᠴᠢᠳ ᠤᠨ ᠤᠷᠤᠯᠳᠤᠭᠠᠨ ᠢ ᠵᠤᠬᠢᠶᠠᠨ ᠪᠠᠶᠢᠭᠤᠯᠵᠤ᠂ ᠤᠷᠳᠤᠰ ᠤᠨ  ᠰᠢᠳᠠᠷᠠᠴᠢᠳ ᠤᠨ ᠬᠢᠷᠢ ᠬᠡᠮ ᠢ ᠲᠡᠬᠡᠭᠰᠢᠯᠡᠬᠦᠯᠦᠭᠰᠡᠨ ᠪᠠᠶᠢᠨ᠎ᠠ᠃
     ᠲᠠᠪᠤ᠂ ᠤᠷᠳᠤᠰ ᠡᠮᠡᠭᠳᠡᠶᠢᠴᠤᠳ ᠤᠨ ᠮᠤᠩᠭᠤᠯ ᠰᠢᠲᠠᠷ᠎ᠠ ᠶᠢᠨ ᠤᠷᠤᠯᠳᠤᠭᠠᠨ      ᠮᠠᠨ ᠤ ᠤᠷᠤᠨ ᠳᠤ ᠡᠮᠡᠭᠳᠡᠢ ᠰᠢᠲᠠᠷᠠᠴᠢᠨ ᠲᠤᠩ ᠬᠤᠮᠰᠠᠬᠠᠨ ᠮᠦᠷᠳᠡᠬᠡᠨ ᠲᠤᠰᠬᠠᠢ ᠡᠮᠡᠭᠳᠡᠶᠢᠴᠦᠳ ᠤᠨ ᠤᠷᠤᠯᠳᠤᠭᠠᠨ ᠨᠢᠬᠡ ᠴᠤ ᠬᠢᠬᠡ ᠦᠬᠡᠢ᠃ ᠡᠶᠢᠮᠦ ᠎ ᠠᠴᠠ ᠮᠠᠨ ᠤ ᠨᠡᠶᠢᠬᠡᠮᠯᠢᠭ 2017 ᠤᠨ ᠤ ᠡᠮᠡᠭᠳᠡᠶᠢᠴᠦᠳ ᠤᠨ ᠪᠠᠶᠠᠷ ᠢ ᠲᠤᠬᠢᠶᠠᠯᠳᠤᠭᠤᠯᠤᠨ ᠠᠩᠬᠠᠳᠤᠭᠠᠷ ᠬᠤᠭᠤᠴᠠᠭᠠᠨ ᠤ ᠤᠷᠳᠤᠰ ᠡᠮᠡᠭᠳᠡᠶᠢᠴᠦᠳ ᠤᠨ ᠮᠤᠩᠭᠤᠯ ᠰᠢᠲᠠᠷ᠎ᠠ ᠶᠢᠨ ᠤᠷᠤᠯᠳᠤᠭᠠᠨ ᠢ ᠦᠷᠨᠢᠬᠦᠯᠵᠦ 24 ᠰᠢᠲᠠᠷᠠᠴᠢᠨ ᠤᠷᠤᠯᠴᠠᠭᠰᠠᠨ ᠪᠠᠶᠢᠨ᠎ᠠ᠃᠂ ᠡᠨᠡ ᠵᠢᠯ 136 ᠰᠢᠲᠠᠷᠠᠴᠢᠨ ᠤᠷᠤᠯᠴᠠᠯ᠎ᠠ᠂ ᠤᠳᠤ ᠮᠠᠨ ᠎ ᠤ ᠤᠷᠳᠤᠰ ᠡᠮᠡᠭᠳᠡᠶᠢᠴᠤᠳ ᠪᠦᠬᠦ ᠤᠷᠤᠨ ᠳᠠᠭᠠᠨ ᠮᠠᠩᠯᠠᠶᠢᠯᠠᠵᠤ ᠶᠠᠪᠤᠬᠤ ᠶᠤᠮᠰᠠᠨ᠃
     ᠵᠢᠷᠭᠤᠭ᠎ᠠ᠂ ᠵᠡᠷᠬᠡ ᠰᠢᠲᠠᠷ᠎ᠠ ᠶᠢᠨ ᠤᠷᠤᠯᠳᠤᠭᠠᠨ2012 ᠤᠨ ᠳᠤ ᠴᠢᠩᠬᠢᠰ ᠬᠠᠭᠠᠨ ᠤ ᠤᠩᠭᠤᠨ ᠤ ᠨᠠᠭᠤᠷ ᠤᠨ ᠲᠠᠶᠢᠯᠭ᠎ᠠ ᠲᠡᠬᠡᠷ᠎ᠡ ᠠᠩᠬ᠎ᠠ ᠤᠳᠠᠭ᠎ᠠ ᠵᠡᠷᠬᠡ ᠰᠢᠲᠠᠷ᠎ᠠ ᠶᠢᠨ ᠤᠷᠤᠯᠳᠤᠭᠠᠨ ᠶᠠᠪᠤᠬᠳᠠᠭᠤᠯᠵᠤ᠂ ᠦᠨᠦ ᠪᠤᠯᠳᠠᠯ᠎ᠠ ᠦᠷᠬᠦᠯᠵᠢᠯᠡᠭᠰᠡᠬᠡᠷ ᠪᠦᠬᠡᠳ ᠤᠷᠤᠯᠴᠠᠬᠤ ᠬᠦᠮᠦᠨ ᠤ ᠲᠤᠭ᠎ᠠ 24 ᠪᠠᠶᠢᠬᠰᠠᠨ ᠠᠴᠠ ᠨᠡᠮᠡᠭᠳᠡᠬᠡᠳ78 ᠬᠦᠮᠦᠨ ᠤᠷᠤᠯᠴᠠᠬᠰᠠᠨ ᠰᠠᠶᠢᠬᠠᠨ ᠨᠠᠶᠢᠷ ᠪᠤᠯᠤᠭᠰᠠᠨ ᠶᠤᠮ᠃ ᠦᠨᠦ ᠵᠠᠯᠠᠭᠤ ᠪᠠᠭᠠᠴᠤᠳ ᠤᠨ ᠲᠤᠮᠳᠠ ᠵᠢᠭᠠᠨ ᠰᠤᠷᠭᠠᠬᠤ ᠲᠠᠯ᠎ᠠ ᠪᠠᠷ ᠠᠨᠠᠶᠢᠬᠠᠨ ᠪᠠᠶᠢᠨ᠎ᠠ᠃
     ︽ᠴᠡᠴᠡᠭ ᠪᠦᠬᠦᠨ ᠢ ᠵᠡᠷᠭᠡᠪᠡᠷ ᠲᠡᠯᠬᠡᠷᠡᠬᠦᠯᠵᠦ᠂ ᠡᠷᠳᠡᠮᠳᠡᠨ ᠪᠦᠬᠦᠨ ᠢ ᠴᠢᠯᠦᠬᠡᠳᠡᠢ ᠶᠠᠷᠢᠯᠴᠠᠭᠤᠯᠬᠤ  ︾ ᠬᠡᠳᠡᠭ  ᠎ ᠢᠶᠠᠷ ᠪᠢᠳᠠ ᠴᠤᠷ ᠤᠨ ᠭᠠᠭᠴᠠ ᠮᠤᠩᠭᠤᠯ ᠰᠢᠲᠠᠷ᠎ᠠ ᠶᠢ ᠬᠦᠭᠵᠢᠬᠦᠯᠬᠦ ᠪᠤᠰᠤ᠂ ᠬᠠᠷᠢᠨ ᠪᠦᠬᠦᠶᠢᠯᠠ ᠮᠤᠩᠭᠤᠯᠵᠢᠨ ᠰᠢᠲᠠᠷ᠎ᠠ ᠪᠠᠨ ᠵᠡᠷᠬᠡ ᠳᠤᠨᠢ ᠬᠦᠭᠵᠢᠬᠦᠯᠪᠡᠯ  ᠵᠤᠬᠢᠨ᠎ᠠ᠃
     ᠲᠤᠯᠤᠭ᠎ᠠ᠂ ᠪᠤᠭᠤ ᠰᠢᠲᠠᠷ᠎ᠠ ᠶᠢᠨ ᠤᠷᠤᠯᠳᠤᠭᠠᠨ     1993 ᠤᠨ ᠤ ᠶᠡᠭᠡ ᠵᠤᠤ ᠠᠶᠢᠮᠠᠭ ᠤᠨ ᠨᠠᠭᠠᠳᠤᠮ ᠤᠨ ᠬᠤᠷᠠᠯ ᠳᠤ ᠠᠩᠬ᠎ᠠ ᠤᠳᠠᠭ᠎ᠠ ᠵᠢᠷᠠᠨ ᠲᠦᠷᠪᠡᠨ ᠨᠤᠬᠠᠶᠢᠳᠤ ᠪᠤᠭᠤ ᠰᠢᠲᠠᠷ᠎ᠠ ᠶᠢ ᠦᠵᠡᠭᠦᠯᠦᠯᠭᠡ ᠎ ᠶᠢᠨ ᠤᠷᠤᠯᠳᠤᠭᠠᠨ ᠤ ᠲᠦᠷᠦᠯ ᠵᠦᠢᠯ ᠪᠤᠯᠭᠠᠵᠤ᠂ 1996 ᠤᠨ ᠳᠤ ᠵᠢᠩᠬᠢᠨᠢ ᠤᠷᠤᠯᠳᠤᠭᠠᠨ ᠤ ᠲᠦᠷᠦᠯ ᠵᠦᠢᠯ ᠪᠤᠯᠭᠠᠬᠰᠠᠨ ᠠᠴᠠ ᠬᠤᠶᠢᠰᠢ ᠦᠨᠦ ᠪᠤᠯᠳᠠᠯ᠎ᠠ ᠤᠯᠠᠨ ᠤᠳᠠᠭᠠᠨ ᠤ ᠮᠦᠷᠦᠶᠢᠴᠡᠬᠡᠨ ᠲᠡᠮᠡᠴᠡᠬᠡᠨ ᠢ ᠦᠡᠭᠭᠡᠷᠡᠭᠡᠵᠤ᠂ ᠤᠳᠤᠬᠠᠨ ᠪᠤᠯᠳᠠᠯ᠎ᠠ ᠤᠯᠳᠠᠭᠰᠠᠨ ᠪᠤᠭᠤ ᠰᠢᠲᠠᠷ᠎ᠠ ᠶᠢᠨ ᠲᠦᠷᠦᠯ ᠵᠦᠢᠯ 64 ᠪᠠᠶᠢᠵᠤ᠂ ᠰᠢᠨᠵᠢᠯᠡᠭᠡ ᠰᠤᠳᠤᠯᠤᠯ ᠤᠨ ᠲᠠᠯ᠎ᠠ ᠳᠤ ᠲᠤᠶᠢᠯ ᠤᠨ ᠶᠡᠭᠡ ᠠᠮᠵᠢᠯᠳᠠ ᠤᠯᠤᠭᠰᠠᠨ ᠪᠤᠯᠪᠠᠴᠤ ᠵᠢᠭᠠᠨ ᠰᠤᠷᠭᠠᠯᠳᠠ ᠶᠢᠨ ᠲᠠᠯ᠎ᠠ ᠳᠤ ᠭᠤᠤᠯᠳᠠᠭᠤ 24 ᠨᠤᠬᠠᠶᠢᠳᠤ ᠪᠤᠭᠤ ᠰᠢᠲᠠᠷ᠎ᠠ ᠶᠢ ᠴᠢᠬᠤᠯᠠᠴᠢᠯᠠᠬᠰᠠᠭᠠᠷ ᠢᠷᠡᠪᠡ᠃
ᠢᠷᠡᠯᠲᠡ᠄ ᠲᠤᠰ ᠰᠦᠯᠵᠢᠶ᠎ᠡ