ᠠᠮᠲᠠᠲᠤ ᠢᠲᠡᠭᠡᠨᠲᠦ ᠡᠵᠡᠨ ᠬᠤᠷᠤᠭ᠎ᠠ
ᠨᠡᠶᠢᠲᠡᠯᠡᠭᠰᠡᠨ ᠴᠠᠭ᠄
2022/6/13
    ᠠᠮᠲᠠᠲᠤ ᠢᠲᠡᠭᠡᠨᠲᠦ ᠡᠵᠡᠨ ᠬᠤᠷᠤᠭ᠎ᠠ    ᠠᠯᠲᠠᠨ ᠰᠢᠷᠭᠠᠯ ᠰᠢᠷᠠᠮᠠᠯ ᠦᠳᠭᠡ᠂ ᠰᠡᠷᠢᠭᠦᠨ ᠠᠮᠲᠠᠲᠤ ᠰᠥ ᠶᠢᠨ ᠢᠳᠡᠭᠡᠨ᠂ ᠠᠮᠲᠠ ᠪᠤᠯᠢᠶᠠᠯᠳᠤᠬᠰᠠᠨ ᠡᠯ᠎ᠡ ᠲᠦᠷᠦᠯ ᠤᠨ ᠬᠠᠭᠤᠷᠤᠯᠭ᠎ᠠ ᠬᠠᠭᠠᠷᠢᠯᠭ᠎ᠠ… ᠠᠮᠲᠠᠲᠤ ᠢᠲᠡᠭᠡᠨᠲᠦ ᠡᠵᠡᠨ ᠬᠤᠷᠤᠭ᠎ᠠ ᠭᠡᠵᠦ ᠬᠤᠭᠤᠰᠤᠨ ᠨᠡᠷ᠎ᠡ ᠪᠤᠰᠤ︕ ᠡᠯ᠎ᠡ ᠵᠦᠢᠯ ᠤᠨ ᠠᠮᠲᠠ ᠶᠢ ᠪᠦᠷᠢᠯᠲᠦᠭᠦᠯᠦᠭᠰᠡᠨ ᠠᠮᠲᠠᠲᠤ ᠢᠳᠡᠭᠡᠨ ᠨᠢ ᠢᠷᠡᠭᠰᠡᠨ ᠭᠡᠶᠢᠴᠢᠳ ᠵᠤᠴᠢᠳ ᠤᠨ ᠨᠢᠲᠦᠨ ᠤ ᠬᠤᠷᠤᠬᠠᠢ ᠶᠢ ᠨᠢ ᠭᠦᠳᠡᠯᠭᠡᠨ᠂ ᠰᠢᠯᠦᠰᠦ ᠶᠢ ᠨᠢ ᠭᠤᠭᠤᠵᠢᠭᠤᠯᠬᠤ ᠶᠤᠮ᠃ ᠠᠮᠲᠠᠲᠤ ᠢᠳᠡᠭᠡᠨ ᠤ ᠲᠦᠷᠦᠯ ᠵᠦᠢᠯ ᠨᠢ ᠤᠯᠠᠨ᠂ ᠭᠢᠭᠦ ᠠᠷᠭ᠎ᠠ ᠨᠢ ᠤᠨᠴᠠᠭᠠᠢ ᠤᠴᠢᠷ ᠠᠴᠠ ᠢᠷᠡᠭᠰᠡᠨ ᠭᠡᠶᠢᠴᠢᠳ ᠵᠤᠴᠢᠳ ᠤᠨ ᠬᠠᠯᠠᠭᠤᠨ ᠰᠠᠶᠢᠰᠢᠶᠠᠯ ᠢ ᠭᠦᠷᠳᠡᠭᠰᠡᠭᠡᠷ ᠢᠷᠡᠵᠡᠢ︕ ᠤᠷᠲᠤᠰ ᠤᠨ ᠠᠮᠲᠠᠲᠤ ᠢᠳᠡᠭᠡᠨ ᠬᠤᠨᠢ ᠢᠮᠠᠭ᠎ᠠ ᠦᠭᠡᠷ ᠮᠠᠯ ᠤᠨ ᠮᠢᠬ᠎ᠠ ᠪᠠᠷ ᠭᠤᠤᠯᠯᠠᠵᠤ᠂ ᠲᠠᠯ᠎ᠠ ᠨᠤᠲᠤᠭ ᠤᠨ ᠤᠨᠴᠠᠯᠢᠬᠲᠤ ᠨᠤᠭᠤᠭ᠎ᠠ ᠵᠢᠮᠢᠰ᠂ ᠢᠰᠭᠡᠭᠰᠡᠨ ᠨᠤᠭᠤᠭ᠎ᠠ ᠵᠡᠷᠭᠡ ᠎ ᠶᠢ ᠳᠠᠭᠠᠯᠲᠤᠭᠤᠯᠤᠨ᠂ ᠮᠤᠩᠭᠤᠯ ᠤᠨᠴᠠᠯᠢᠭ ᠲᠠᠢ ᠰᠥ ᠴᠠᠭᠠᠨ ᠢᠲᠡᠭᠡᠨ ᠢ ᠨᠡᠮᠡᠪᠡᠯ᠂ ᠲᠠ ᠶᠡᠷᠦ ᠨᠢ ᠠᠮᠰᠠᠵᠤ ᠢᠳᠡᠵᠦ ᠦᠵᠡᠭᠡ ᠦᠭᠡᠢ ᠠᠮᠲᠠᠲᠤ ᠢᠲᠡᠭᠡᠨ ᠠᠴᠠ ᠤᠯᠵᠤ ᠭᠦᠷᠳᠡᠭᠦ ᠶᠤᠮ᠃ ᠤᠷᠲᠤᠰ ᠲᠤ ᠢᠷᠡᠭᠡᠷᠡᠢ︕ ᠠᠮᠠᠨ ᠤ  ︽ᠪᠤᠶᠠᠨ ᠭᠡᠰᠡᠭ  ︾᠎ ᠢ ᠬᠤᠷᠤᠶᠢᠯᠠᠬᠰᠠᠨ ᠠᠮᠲᠠᠲᠤ ᠢᠲᠡᠭᠡᠨ ᠠᠴᠠ ᠭᠦᠷᠳᠡᠭᠦ ᠶᠤᠮ᠃
ᠢᠷᠡᠯᠲᠡ᠄ ᠲᠤᠰ ᠰᠦᠯᠵᠢᠶ᠎ᠡ