| | ᠴᠡᠭᠡᠨ ᠨᠠᠭᠤᠷ | | ᠴᠡᠭᠡᠨ ᠨᠠᠭᠤᠷ ᠤᠨ ᠤᠳᠬ᠎ᠠ ᠨᠢ ᠠᠳᠤᠭᠤᠨ ᠤ ᠴᠡᠭᠡ ᠭᠡᠰᠡᠨ ᠤᠳᠬ᠎ᠠ ᠲᠠᠢ᠃ ᠤᠯᠠᠮᠵᠢᠯᠠᠯ ᠢᠶᠠᠷ ᠲᠤᠬᠠᠢ ᠶᠢᠨ ᠦᠶ᠎ᠡ ᠳᠤ ᠴᠢᠩᠭᠢᠰ ᠬᠠᠭᠠᠨ ᠪᠠᠷᠠᠭᠤᠨᠰᠢ | ᠪᠠᠨ ᠲᠠᠶᠢᠯᠠᠬᠤ ᠳᠤ ᠡᠨᠡᠭᠦᠷ ᠦᠩᠭᠡᠷᠡᠭᠦ ᠳᠤ ᠪᠠᠨ᠂ ᠠᠳᠡᠬᠢ ᠶᠢᠨ ᠡᠪᠡᠰᠦ ᠪᠡᠯᠴᠢᠭᠡᠷ ᠤᠨ ᠦᠩ ᠰᠢᠮᠡᠯᠢᠭ ᠢ ᠭᠠᠶᠢᠬᠠᠨ ᠮᠠᠬᠲᠠᠵᠤ᠂ ᠨᠠᠭᠤᠷ ᠤᠨ ᠤᠰᠤ ᠨᠢ ᠨᠤᠮᠢᠨ | ᠨᠤᠭᠤᠭᠠᠨ ᠢᠶᠠᠷ ᠲᠤᠯᠭᠢᠶᠠᠷᠠᠨ᠂ ᠠᠳᠤᠭᠤᠨ ᠴᠡᠭᠡ ᠠᠰᠬᠠᠷᠠᠵᠤ ᠪᠠᠶᠢᠭ᠎ᠠ ᠲᠠᠢ ᠠᠳᠠᠯᠢ ᠲᠤᠯᠠ ᠨᠡᠯᠢᠶᠡᠳ ᠤᠳᠠᠵᠤ ᠪᠠᠶᠢᠭᠠᠳ ᠰᠠᠶ᠋ᠢ ᠰᠠᠯᠵᠤ ᠶᠠᠪᠤᠵᠠᠢ᠃ ᠴᠡᠭᠡᠨ | ᠨᠠᠭᠤᠷ ᠤᠨ ᠵᠢᠭᠠᠰᠤᠨ ᠲᠠᠯᠠᠪᠠᠢ ᠨᠢ ᠨᠡᠯᠢᠶᠡᠳ ᠤᠨ ᠵᠢᠯ ᠤᠳᠠᠵᠤ᠂ 1958 ᠤᠨ ᠳᠤ ᠪᠠᠶᠢᠭᠤᠯᠤᠬᠳᠠᠵᠠᠢ᠃ ᠤᠲᠤ ᠪᠤᠯᠬᠤ ᠳᠤ ᠨᠢᠭᠡᠨᠲᠡ ᠭᠦᠭᠵᠢᠭᠡᠳ ᠲᠠᠯᠠᠪᠠᠢ | ᠨᠢ 1.5 ᠲᠦᠮᠡᠨ ᠮᠤ᠋ ᠳᠤ ᠭᠦᠷᠴᠦ᠂ ᠵᠢᠭᠠᠰᠤᠨ ᠦᠢᠯᠡᠳᠪᠦᠷᠢᠯᠡᠯ ᠪᠤᠯᠤᠨ ᠵᠢᠭᠤᠯᠴᠢᠯᠠᠯ ᠢ ᠨᠢᠭᠡᠳᠭᠡᠭᠰᠡᠨ ᠰᠡᠯᠡᠭᠦᠴᠡᠯ ᠤᠨ ᠤᠷᠤᠨ ᠪᠤᠯᠵᠠᠢ᠃ ᠠᠳᠡ ᠭᠡᠭᠡᠷ᠎ᠡ ᠶᠢᠨ | ᠵᠢᠭᠠᠰᠤ 10 ᠭᠠᠷᠤᠢ ᠵᠦᠢᠯ ᠪᠠᠶᠢᠳᠠᠭ᠂ ᠪᠠᠰᠠ ᠬᠤᠪᠤᠷ ᠴᠤᠬᠠᠭ ᠴᠠᠬᠤᠯᠠᠢ᠂ ᠭᠡᠭᠡᠷ᠎ᠡ ᠶᠢᠨ ᠭᠠᠯᠠᠭᠤ᠂ ᠴᠠᠭᠠᠨ ᠲᠡᠭᠡᠯᠡᠢ ᠵᠡᠷᠭᠡ ᠠᠷᠪᠠᠭᠠᠳ ᠵᠦᠢᠯ ᠤᠨ ᠰᠢᠪᠠᠭᠤ | ᠪᠤᠢ᠃ ᠤᠳᠤᠬᠠᠨ ᠪᠤᠯᠲᠠᠯ᠎ᠠ ᠨᠢᠭᠡᠨᠲᠡ ᠤᠰᠤᠨ ᠳᠡᠭᠡᠷᠡᠬᠢ ᠵᠤᠭ᠎ᠠ ᠨᠠᠭᠠᠲᠤᠮ ᠤᠨ ᠲᠠᠯᠠᠪᠠᠢ᠂ ᠡᠯᠡᠰᠦᠨ ᠲᠠᠩ ᠤᠨ ᠤᠮᠪᠠᠯᠲᠠ ᠶᠢᠨ ᠲᠠᠯᠠᠪᠠᠢ᠂ ᠤᠨᠤᠭᠠᠲᠤ ᠠᠩ | ᠠᠩᠨᠠᠯ ᠤᠨ ᠲᠠᠯᠠᠪᠠᠢ᠂ ᠲᠠᠯ᠎ᠠ ᠨᠤᠲᠤᠭ ᠤᠨ ᠦᠵᠡᠮᠵᠢ᠂ ᠵᠢᠭᠠᠰᠤ ᠭᠦᠭᠢᠳᠡᠭᠦ ᠵᠡᠷᠭᠡ ᠵᠤᠭ᠎ᠠ ᠴᠡᠩᠭᠡᠯ ᠤᠨ ᠵᠦᠢᠯ ᠲᠠᠢ ᠪᠤᠯᠵᠠᠢ᠃ | | | | | | | | | | | |