| | ᠬᠠᠪᠤᠷ ᠴᠠᠭ ᠲᠤ ᠴᠤᠭᠯᠠᠷᠠᠭᠰᠠᠨ ᠬᠠᠮᠤᠭ ᠰᠢᠪᠠᠭᠤᠬᠠᠢ | ᠬᠠᠷ᠎ᠠ ᠰᠡᠷᠢᠬᠦᠨ ᠤᠨᠠᠬᠤᠢ ᠴᠠᠭ ᠲᠤ ᠬᠠᠷᠢᠳᠠᠭ ᠪᠠᠶᠢᠯᠬᠦᠢ ᠳ᠋ᠣᠣ | ᠬᠠᠷᠠᠬᠠᠨ ᠪᠠᠭ᠎ᠠ ᠶᠢᠨ ᠦᠰᠦᠭᠰᠡᠨ ᠨᠤᠳᠤᠭ ᠲᠡᠨᠳᠡ ᠪᠠᠶᠢᠭᠰᠠᠨ ᠬᠤᠶᠢᠨ᠎ᠠ | ᠬᠠᠰᠢ ᠬᠡᠷᠡᠭ ᠬᠦᠮᠦᠨ ᠤ ᠭᠠᠵᠠᠷ ᠶᠠᠭᠤᠨ ᠳᠠᠭᠠᠨ ᠡᠷᠬᠢᠨ᠎ᠡ ᠳ᠋ᠣᠣ | ᠠᠷᠬᠠᠰ ᠬᠡᠵᠦ ᠬᠠᠷᠠᠭᠳᠠᠳᠠᠭ ᠠᠮᠪᠠ ᠶᠢᠨ ᠤᠪᠤᠭ᠎ᠠ ᠪᠠᠶᠢᠨ᠎ᠠ | ᠠᠯᠤᠰ ᠬᠤᠯᠠ ᠮᠠᠨᠠᠷᠠᠭᠴᠢ ᠮᠠᠨ ᠤ ᠨᠤᠳᠤᠭ ᠰᠢᠤ | ᠠᠯᠢ ᠭᠠᠵᠠᠷ ᠰᠠᠭᠤᠵᠤ ᠰᠤᠷᠪᠠᠯ ᠲᠡᠷᠡ ᠭᠠᠵᠠᠷ ᠲᠤ | ᠠᠳᠤᠭᠤᠰᠤ ᠮᠠᠯ ᠴᠤ ᠪᠤᠯᠳᠠᠯ᠎ᠠ ᠪᠡᠯᠴᠢᠬᠡᠷᠰᠢᠳᠡᠭ ᠰᠢᠤ | ᠪᠠᠷᠠᠭᠤᠨ ᠡᠮᠦᠨ᠎ᠡ ᠬᠠᠷᠠᠭᠳᠠᠳᠠᠭ ᠪᠠᠢ ᠶᠢᠨ ᠠᠭᠤᠯᠠ ᠪᠠᠶᠢᠨ᠎ᠠ | ᠪᠠᠷᠢᠳᠠᠭ ᠲᠠᠯᠪᠢᠳᠠᠭ ᠢᠶᠠᠨ ᠠᠪᠤᠶ᠎ᠠ ᠬᠡᠪᠡᠯ ᠪᠠᠶᠢᠰᠢᠩ ᠮᠠᠰᠢᠩ ᠳᠤ | ᠪᠠᠷ᠎ᠠ ᠲᠠᠢ ᠰᠠᠶᠢᠬᠠᠨ ᠰᠠᠭᠤᠶ᠎ᠠ ᠬᠡᠪᠡᠯ ᠪᠠᠶᠢᠰᠢᠩ ᠢᠶᠠᠨ ᠪᠠᠷᠢᠨ᠎ᠠ ᠳ᠋ᠣᠣ | ᠪᠠᠶᠠᠨ ᠡᠯᠪᠡᠭ ᠰᠠᠭᠤᠶ᠎ᠠ ᠭᠡᠪᠡᠯ ᠪᠠᠷᠠᠭᠤᠨ ᠭᠠᠵᠠᠷ ᠲᠤ | ᠴᠤᠭᠯᠠᠷᠠᠭᠰᠠᠨ ᠤᠯᠠᠨ ᠤ ᠲᠤᠳᠤᠷ᠎ᠠ ᠠᠴᠠ ᠬᠠᠷᠠᠬᠤᠯᠠᠷᠠᠨ | ᠴᠤᠯᠮᠤᠨ ᠤᠳᠤᠨ ᠬᠢᠯᠠᠯᠵᠠᠭᠰᠠᠨ ᠨᠢᠬᠡᠨ ᠠᠳᠠᠯᠢ ᠪᠠᠶᠢᠨ᠎ᠠ | ᠴᠤᠬᠤᠮ ᠡᠷᠳᠡᠮ ᠴᠢᠨᠠᠷ ᠢ ᠴᠢᠨᠢ ᠰᠢᠨᠵᠢᠬᠦᠯᠡᠷᠡᠨ | ᠴᠢᠭᠤᠯᠭᠠᠨ ᠬᠤᠰᠢᠭᠤ ᠤᠯᠠᠨ ᠲᠤᠳᠤᠷ᠎ᠠ ᠴᠢ ᠮᠢᠨᠢ ᠦᠵᠦᠬᠦᠷ ᠪᠠᠶᠢᠨ᠎ᠠ | ᠬᠠᠪᠢᠷᠭ᠎ᠠ ᠶᠢᠨ ᠴᠢᠨᠢ ᠲᠠᠯ᠎ᠠ ᠠᠴᠠ ᠬᠠᠷᠠᠬᠤᠯᠠᠷᠠᠨ | ᠬᠠᠯᠢᠨ ᠨᠢᠰᠬᠦ ᠲᠤᠭᠤᠰ ᠲᠤᠳᠢ ᠨᠢᠬᠡᠨ ᠠᠳᠠᠯᠢ ᠪᠠᠶᠢᠨ᠎ᠠ | ᠬᠠᠨᠢᠯᠠᠵᠤ ᠶᠠᠪᠤᠭᠰᠠᠨ ᠢᠶᠠᠨ ᠪᠤᠳᠤᠬᠤᠯᠠᠷ | ᠬᠠᠷᠢ ᠬᠤᠰᠢᠭᠤ ᠴᠢᠭᠤᠯᠭᠠᠨ ᠲᠤᠳᠤᠷ᠎ᠠ ᠴᠢ ᠮᠢᠨᠢ ᠦᠵᠦᠬᠦᠷ ᠪᠠᠶᠢᠨ᠎ᠠ | ᠤᠯᠠᠭᠠᠨ ᠬᠤᠩᠭᠤᠷ ᠴᠢᠷᠠᠢ ᠶᠢ ᠴᠢᠨᠢ ᠰᠢᠨᠵᠢᠬᠦᠯᠠᠷ | ᠤᠳᠤᠮᠪᠠᠷᠠ ᠴᠡᠴᠡᠭ ᠤᠨ ᠬᠡᠯᠳᠡᠰ ᠮᠠᠳᠦ ᠨᠢᠬᠡᠨ ᠠᠳᠠᠯᠢᠬᠠᠨ | ᠤᠰᠬᠠᠯ ᠰᠠᠶᠢᠬᠠᠨ ᠤᠬᠠᠭ᠎ᠠ ᠶᠢ ᠴᠢᠨᠢ ᠪᠤᠳᠤᠬᠤᠯᠠᠷᠠᠨ | ᠤᠨᠳᠤᠷᠤᠮᠠᠯ ᠪᠤᠯᠠᠭ ᠤᠨ ᠤᠰᠤᠨ ᠠᠴᠠ ᠪᠠᠨ ᠲᠤᠩᠭᠠᠯᠠᠭ ᠪᠠᠶᠢᠨ᠎ᠠ | | ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾ ᠠᠴᠠ ᠰᠡᠶᠢᠷᠡᠬᠦᠯᠪᠡ | | | | | | | | | | | |