ᠦᠷᠬᠡᠨ ᠠᠭᠤᠯᠠ ᠶᠢᠨ ᠡᠩᠬᠡᠷ
ᠨᠡᠶᠢᠲᠡᠯᠡᠭᠰᠡᠨ ᠴᠠᠭ᠄
2022/12/15
ᠦᠷᠬᠡᠨ ᠠᠭᠤᠯᠠ ᠶᠢᠨ ᠡᠩᠬᠡᠷ ᠲᠤ ᠦᠩᠰᠢᠭ ᠰᠠᠶᠢᠬᠠᠨ ᠪᠡᠯᠴᠢᠬᠡᠷ ᠪᠠᠶᠢᠨ᠎ᠠ ᠡᠪᠦᠯ ᠬᠠᠪᠤᠷ ᠤᠨ ᠤᠯᠠᠷᠢᠯ ᠳᠤ ᠦᠨᠡᠬᠡᠷ ᠰᠠᠶᠢᠬᠠᠨ ᠨᠤᠳᠤᠭ ᠰᠢᠤ      ᠠᠳᠤᠭᠤ ᠲᠠᠢ ᠴᠤ ᠪᠤᠯᠤᠶ᠎ᠠ ᠳ᠋ᠣᠣ      ᠠᠯᠬᠤᠯᠠᠭᠤᠯᠤᠭᠠᠳ ᠢᠷᠡᠨ᠎ᠡ ᠳ᠋ᠣᠣ      ᠠᠳᠠᠯᠢ ᠬᠤᠶᠠᠷ ᠠᠬ᠎ᠠ ᠶᠢ ᠪᠠᠨ      ᠠᠰᠠᠭᠤᠵᠤ ᠰᠤᠷᠠᠭᠯᠠᠭᠠᠳ ᠢᠷᠡᠨ᠎ᠡ ᠳ᠋ᠣᠣ ᠲᠡᠮᠡᠭᠡ ᠲᠠᠢ ᠪᠤᠯᠤᠶ᠎ᠠ ᠳ᠋ᠣᠣ ᠲᠡᠰᠢᠬᠦᠯᠦᠬᠡᠳ ᠯᠡ ᠢᠷᠡᠨ᠎ᠡ ᠳ᠋ᠣᠣ ᠲᠡᠨᠳᠡᠬᠢ ᠬᠤᠶᠠᠷ ᠠᠬ᠎ᠠ ᠶᠢ ᠪᠠᠨ ᠲᠠᠩᠰᠠᠵᠤ ᠰᠤᠷᠠᠭᠯᠠᠭᠠᠳ ᠢᠷᠡᠨ᠎ᠡ ᠳ᠋ᠣᠣ      ᠠᠬᠢ ᠲᠠᠢ ︵ᠬᠠᠨ︶ ᠭᠠᠵᠠᠷ ᠲᠤ      ᠠᠳᠤᠭᠤ ᠮᠠᠯ ᠲᠤᠭᠳᠠᠨ᠎ᠠ ᠳ᠋ᠣᠣ      ᠠᠪᠤ ᠪᠠᠶᠢᠭᠰᠠᠨ ᠭᠠᠵᠠᠷ ᠲᠤ      ᠠᠬ᠎ᠠ ᠲᠡᠬᠦᠦ ᠲᠠᠶᠠᠭᠠᠷ ᠴᠤᠭᠯᠠᠨ᠎ᠠ ᠳ᠋ᠣᠣ ᠡᠷᠬᠢ ᠲᠠᠢ ︵ᠬᠠᠨ︶ ᠭᠠᠵᠠᠷ ᠲᠤ ᠡᠯᠢᠶ᠎ᠡ ᠰᠢᠪᠠᠭᠤ ᠨᠢ ᠡᠷᠬᠢᠨ᠎ᠡ ᠳ᠋ᠣᠣ ᠡᠵᠢ ᠠᠪᠤ ᠪᠠᠶᠢᠬᠤ ᠯᠠ ᠭᠠᠵᠠᠷ ᠲᠤ ᠡᠬᠡᠴᠢ ᠲᠡᠬᠦᠦ ᠪᠦᠬᠦᠳᠡᠬᠡᠷ ᠴᠤᠭᠯᠠᠨ᠎ᠠ ᠳ᠋ᠣᠣ      ᠬᠠᠳᠠ ᠲᠠᠢ ᠴᠤ ᠭᠠᠵᠠᠷ ᠲᠤ      ᠬᠠᠷᠴᠠᠭᠠᠢ ᠰᠢᠪᠠᠭᠤ ᠡᠷᠬᠢᠨ᠎ᠡ ᠳ᠋ᠣᠣ      ᠬᠠᠶᠢᠷ᠎ᠠ ᠲᠠᠢ ᠯᠠ ᠭᠠᠵᠠᠷ ᠲᠤ      ᠪᠢᠳᠠᠨ ᠴᠤ ᠯᠠ ᠡᠷᠬᠢᠨ᠎ᠡ ᠳ᠋ᠤᠤ ᠨᠠᠷᠠ ᠦᠬᠡᠢ ᠭᠠᠵᠠᠷ ᠲᠤ ᠨᠠᠷᠠᠰᠤ ᠶᠠᠭᠤᠨ ᠳᠠᠭᠠᠨ ᠤᠷᠭᠤᠨ᠎ᠠ ᠨᠠᠭᠠᠴᠤ ᠦᠬᠡᠢ ᠭᠠᠵᠠᠷ ᠲᠤ ᠪᠢᠳᠠ ᠶᠠᠭᠤᠨ ᠳᠠᠭᠠᠨ ᠡᠷᠬᠢᠨ᠎ᠡ ᠳ᠋ᠣᠣ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
ᠢᠷᠡᠯᠲᠡ᠄ ᠲᠤᠰ ᠰᠦᠯᠵᠢᠶ᠎ᠡ