ᠤᠷᠤᠨ ᠨᠤᠳᠤᠭ ᠮᠢᠨᠢ ᠰᠠᠨᠠᠭᠳᠠᠨ᠎ᠠ
ᠨᠡᠶᠢᠲᠡᠯᠡᠭᠰᠡᠨ ᠴᠠᠭ᠄
2022/12/15
  ᠬᠠᠪᠤᠷ ᠤᠨ ᠴᠠᠭ ᠤᠨ ᠬᠠᠯᠠᠭᠤᠨ ᠵᠢᠪᠡᠷ ᠨᠦᠬᠡᠯᠦᠨ ᠰᠠᠯᠬᠢᠯᠠᠪᠠᠯ ᠬᠠᠮᠤᠭ ᠪᠤᠳᠠᠰ ᠤᠨ ᠠᠮᠢᠨ ᠰᠤᠳᠠᠯ ᠯᠤᠭᠰᠢᠨ ᠤᠷᠬᠢᠯᠦᠨ᠎ᠡ ᠬᠠᠷᠠᠬᠠᠨ ᠪᠠᠭ᠎ᠠ ᠶᠢᠨ ᠨᠤᠳᠤᠭ ᠤᠷᠤᠨ ᠢᠶᠠᠨ ᠪᠤᠳᠤᠵᠤ ᠰᠠᠨᠠᠪᠠᠯ ᠬᠠᠯᠠᠭᠤᠨ ᠴᠡᠬᠡᠵᠢᠨ ᠤ ᠲᠤᠳᠤᠷ᠎ᠠ ᠠᠴᠠ ᠬᠠᠶᠢᠷᠠᠯᠠᠭᠳᠠᠨ ᠰᠠᠨᠠᠭᠳᠠᠨ᠎ᠠ ᠵᠤᠨ ᠤ ᠰᠠᠶᠢᠬᠠᠨ ᠪᠤᠷᠤᠭᠠᠨ ᠴᠢᠨᠢ ᠵᠦᠰᠡᠷᠡᠨ ᠪᠤᠷᠤᠭᠠᠯᠠᠪᠠᠯ ᠵᠦᠢᠯ ᠪᠦᠷᠢ ᠶᠢᠨ ᠲᠦᠮᠡᠨ ᠪᠤᠳᠠᠰ ᠰᠡᠷᠢᠬᠦᠨ ᠳᠤ ᠰᠠᠷᠢᠬᠦᠴᠡᠨ᠎ᠡ ᠵᠦᠢᠳᠠᠢ ᠰᠠᠶᠢᠬᠠᠨ ᠨᠤᠳᠤᠭ ᠤᠷᠤᠨ ᠢᠶᠠᠨ ᠪᠤᠳᠤᠵᠤ ᠰᠠᠨᠠᠪᠠᠯ ᠵᠢᠷᠦᠬᠡ ᠴᠡᠬᠡᠵᠢᠨ ᠤ ᠲᠤᠳᠤᠷ᠎ᠠ ᠠᠴᠠ ᠵᠦᠬᠡᠯᠡᠷᠡᠨ ᠤᠶᠠᠷᠠᠨ᠎ᠠ ᠬᠦᠳᠡᠭᠡ ᠶᠢᠨ ᠡᠪᠡᠰᠦ ᠮᠤᠳᠤᠨ ᠤ ᠨᠠᠪᠴᠢ ᠬᠦᠬᠡᠷᠦᠨ ᠤᠷᠭᠤᠪᠠᠯ ᠬᠦᠬᠦᠬᠡ ᠰᠢᠪᠠᠭᠤ ᠡᠯᠳᠡᠪ ᠵᠢᠬᠦᠷᠳᠡᠨ ᠬᠦᠭᠵᠢᠯᠳᠦᠨ ᠲᠤᠩᠭᠤᠳᠤᠨ᠎ᠠ ᠬᠦᠮᠦᠵᠢᠨ ᠦᠰᠦᠭᠰᠡᠨ ᠨᠤᠳᠤᠭ ᠤᠷᠤᠨ ᠢᠶᠠᠨ ᠪᠤᠳᠤᠵᠤ ᠰᠠᠨᠠᠪᠠᠯ ᠬᠦᠨᠳᠠᠢ ᠴᠡᠬᠡᠵᠢᠨ ᠤ ᠲᠤᠳᠤᠷ᠎ᠠ ᠠᠴᠠ ᠬᠦᠪᠦᠯᠵᠡᠨ ᠬᠦᠰᠡᠭᠳᠡᠨ᠎ᠡ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
ᠢᠷᠡᠯᠲᠡ᠄ ᠲᠤᠰ ᠰᠦᠯᠵᠢᠶ᠎ᠡ