ᠠᠬᠢᠳᠤ ᠲᠤᠯᠤᠭᠠᠢ
ᠨᠡᠶᠢᠲᠡᠯᠡᠭᠰᠡᠨ ᠴᠠᠭ᠄
2022/12/15
ᠠᠬᠢᠳᠤ ᠲᠤᠯᠤᠭᠠᠢ ᠠᠷᠴᠠᠳᠤ ᠪᠤᠯᠠᠭ ᠠᠳᠤᠭᠤ ᠮᠠᠯ ᠤᠨ ᠪᠡᠯᠴᠢᠬᠡᠷ ᠰᠢᠤ ᠠᠪᠤ ᠡᠵᠢ ᠬᠤᠶᠠᠷ ᠮᠢᠨᠢ ᠠᠮᠢᠳᠤ ᠪᠤᠷᠬᠠᠨ ᠰᠢᠤ      ᠡᠷᠬᠢᠨ ᠤ ᠲᠡᠬᠡᠬᠦᠷ ᠡᠷᠬᠢᠯᠳᠦᠨ ᠵᠢᠷᠤᠭᠠᠯᠠᠳᠠᠭ      ᠡᠷᠪᠡᠬᠡᠢ ᠴᠤᠬᠤᠷ ᠮᠢᠨᠢ      ᠡᠯᠢᠬᠡ ᠵᠢᠷᠤᠬᠡᠨ ᠠᠴᠠ ᠰᠢᠮᠰᠢᠷᠡᠨ ᠪᠤᠳᠤᠭᠳᠠᠳᠠᠭ      ᠡᠵᠢ ᠠᠪᠤ ᠬᠤᠶᠠᠷ ᠮᠢᠨᠢ ᠰᠢᠤ ᠬᠠᠳᠠᠨ ᠤ ᠲᠡᠬᠡᠬᠦᠷ ᠬᠠᠷᠬᠢᠯᠳᠠᠯ᠎ᠠ ᠵᠢᠷᠤᠭᠠᠯᠠᠳᠠᠭ ᠬᠠᠯᠢᠭᠤᠨ ᠴᠤᠬᠤᠷ ᠮᠢᠨᠢ ᠬᠠᠮᠤᠭ ᠠᠴᠠ ᠤᠷᠢᠳ ᠪᠤᠳᠤᠭᠳᠠᠭᠠᠳ ᠪᠠᠶᠢᠳᠠᠭ ᠡᠵᠢ ᠠᠪᠤ ᠬᠤᠶᠠᠷ ᠰᠢᠤ      ᠰᠢᠯᠢ ᠶᠢᠨ ᠦᠨᠳᠦᠷ ᠲᠡᠬᠡᠷ᠎ᠡ ᠭᠠᠷᠤᠨ ᠰᠠᠭᠤᠪᠠᠯ      ᠰᠡᠷᠢᠬᠦᠬᠡᠨ ᠰᠠᠯᠬᠢᠨ ᠪᠠᠶᠢᠨ᠎ᠠ      ᠰᠡᠳᠬᠢᠯ ᠢᠶᠠᠷ ᠲᠦᠬᠦᠷᠡᠩ ᠦᠬᠡ ᠪᠠᠨ ᠬᠡᠯᠡᠪᠡᠯ      ᠤᠶᠢᠳᠬᠠᠷ ᠮᠢᠨᠢ ᠭᠠᠷᠳᠠᠭ ᠶᠤᠮ ᠰᠡᠮᠡᠵᠡᠨ ᠴᠠᠭᠠᠨ ᠡᠬᠦᠯᠡ ᠭᠠᠷᠪᠠᠯ ᠪᠤᠷᠤᠭᠠᠨ ᠤᠷᠤᠯᠬᠦᠢ ᠳ᠋ᠣᠣ ᠰᠡᠳᠬᠢᠯ ᠢᠶᠠᠷ ᠲᠦᠬᠦᠷᠡᠩ ᠦᠬᠡ ᠪᠠᠨ ᠬᠡᠯᠡᠪᠡᠯ ᠤᠶᠢᠳᠬᠠᠷ ᠮᠢᠨᠢ ᠭᠠᠷᠳᠠᠭ ᠶᠤᠮ     ᠰᠢᠯᠢ ᠭᠠᠵᠠᠷ ᠤᠨ ᠢᠷᠭᠤᠢ ᠪᠠᠶᠢᠪᠠᠯ      ᠤᠷᠭᠤᠬᠤ ᠪᠠᠶᠢᠯᠬᠦᠢ ᠳ᠋ᠣᠣ      ᠰᠢᠨ᠎ᠡ ᠨᠤᠶᠠᠨ ᠤ ᠵᠠᠬᠢᠶ᠎ᠠ ᠪᠠᠶᠢᠩᠭᠤᠨ      ᠲᠠᠭᠠᠬᠤ ᠪᠠᠶᠢᠯᠬᠦᠢ ᠳ᠋ᠣᠣ ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
ᠢᠷᠡᠯᠲᠡ᠄ ᠲᠤᠰ ᠰᠦᠯᠵᠢᠶ᠎ᠡ