ᠬᠢᠴᠢᠶᠡ︕ ᠰᠢᠨ᠎ᠡ ᠮᠡᠬᠡᠯᠡᠯ ᠶᠠᠪᠤᠵᠦ ᠪᠠᠶᠢᠨ᠎ᠠ
ᠨᠡᠶᠢᠲᠡᠯᠡᠭᠰᠡᠨ ᠴᠠᠭ᠄
2022/11/6
                                             ᠣᠶᠢᠷ᠎ᠠ ᠳᠤ᠂ ᠨᠢᠭᠡ ᠵᠦᠢᠯ ᠤᠨ ᠰᠢᠨ᠎ᠡ ᠬᠡᠯᠪᠡᠷᠢ ᠶᠢᠨ ᠮᠡᠬᠡᠯᠡᠯ ᠭᠠᠵᠠᠷ ᠠᠪᠴᠦ  ᠪᠠᠶᠢᠨ᠎ᠠ᠃ ︽ᠬᠤᠪᠴᠠᠰᠤ ᠰᠢᠯᠭᠠᠭᠴᠢ ᠪᠣᠯᠪᠠᠯ ᠳᠦᠯᠦᠪᠦᠷᠢ ᠦᠭᠡᠢ ᠪᠠᠷ ᠡᠯ᠎ᠡ ᠵᠦᠢᠯ ᠤᠨ ᠭᠤᠪᠢᠭᠤᠯᠭ᠎ᠠ ᠢᠯᠡᠬᠡᠮᠵᠢ ᠥᠭᠬᠦᠨ᠎ᠡ︾ ︽ᠳᠦᠯᠦᠪᠦᠷᠢ ᠦᠬᠡᠢ ᠪᠠᠷ ᠦᠨᠦᠷᠲᠦ ᠤᠰᠤ ᠵᠡᠷᠭᠡ ᠡᠯ᠎ᠡ ᠵᠦᠢᠯ ᠤᠨ ᠭᠤᠶᠣᠯᠠᠯ ᠤᠨ ᠡᠳ᠋ ᠥᠭᠬᠦᠨ᠎ᠡ︾ ︽ᠰᠤᠯᠠ ᠴᠢᠯᠦᠭᠡᠲᠡᠢ ᠪᠠᠶᠢᠳᠠᠯ ᠳᠤ  ᠰᠠᠷ᠎ᠠ ᠳᠤ  ᠳᠦᠮᠡᠨ‌‍ᠲ᠋ᠥ᠋ᠭᠦᠷᠢᠭ ᠣᠯᠣᠨ᠎ᠠ︾ ᠁᠁ ᠬᠡᠬᠦ ᠮᠡᠳᠦ ᠪᠠᠷ ᠨᠡᠶᠢᠭᠡᠮ ᠤᠨ ᠬᠠᠷᠢᠯᠴᠠᠭᠠᠨ ᠤ ᠵᠠᠷᠢᠮ ᠲᠠᠪᠴᠠᠩ ᠳᠡᠭᠡᠷ᠎ᠡ ︽ᠬᠤᠪᠴᠠᠰᠤ ᠰᠢᠯᠭᠠᠭᠴᠢ︾᠎ ᠶᠢᠨ ᠰᠠᠯᠬᠢ ᠳᠡᠭᠳᠡᠭᠰᠡᠨ ᠪᠠᠶᠢᠨ᠎ᠠ᠂ ᠡᠶᠢᠮᠦ ᠰᠠᠶᠢᠨ ᠤᠴᠢᠷ ᠪᠠᠶᠢᠨ᠎ᠠ ᠬᠡᠵᠦ ᠤᠤ︖                             ︽ᠬᠤᠪᠴᠠᠰᠤ ᠰᠢᠯᠭᠠᠬᠴᠢ︾ ᠵᠢᠷᠤᠭ ᠢᠶᠠᠨ ᠳᠠᠷᠣᠭᠤᠯᠣᠭᠠᠳ ᠯᠡ ᠵᠣᠭᠤᠰ ᠣᠯᠣᠨ᠎ᠠ ᠬᠡᠨ᠎ᠡ᠃ ᠣᠶᠢᠷ᠎ᠡ ᠳᠤ ᠰᠤᠷᠪᠤᠯᠵᠢᠯᠠᠭᠴᠢ ︽ᠬᠤᠪᠴᠠᠰᠤ ᠰᠢᠯᠭᠠᠭᠴᠢ︾ ᠎ ᠪᠠᠷ ᠤᠪᠯᠠᠨ ᠳᠣᠳᠣᠭᠠᠳᠦ ᠪᠠᠶᠢᠳᠠᠯ ᠢ ᠣᠶᠢᠯᠠᠭᠠᠬᠰᠠᠨ ᠪᠠᠶᠢᠨ᠎ᠠ᠃ ᠠᠵᠢᠯᠳᠠᠳ ᠤᠷᠢᠳ ᠢᠶᠠᠷ ᠲᠣᠭᠲᠠᠭᠠᠭᠰᠠᠨ ᠡᠯᠧᠺᠲᠷᠣᠨ  ᠬᠤᠳᠠᠯᠳᠤᠭᠠᠨ ᠤ ᠲᠠᠪᠴᠠᠩ ᠠᠴᠠ ᠪᠠᠷᠠᠭ᠎ᠠ ᠵᠠᠬᠢᠶᠠᠯᠠᠵᠤ᠂ ᠪᠠᠷᠠᠭ᠎ᠠ ᠶᠢ ᠣᠯᠣᠭᠰᠠᠨ ᠤ ᠲᠠᠷᠠᠭ᠎ᠠ ᠵᠢᠷᠤᠭᠯᠠᠨ ᠰᠡᠬᠦᠳᠡᠷᠯᠡᠵᠦ ᠰᠠᠶᠢᠨ ᠦᠨᠡᠯᠡᠭᠡ ᠦᠭᠴᠦ᠂ ᠲᠠᠷᠠᠭ᠎ᠠ ᠨᠢ ᠢᠯᠡᠬᠡᠮᠵᠢ ᠶᠢ ᠬᠤᠳᠠᠯᠳᠤᠭᠠᠴᠢᠨ ᠳᠤ ᠪᠤᠴᠠᠭᠠᠨ ᠢᠯᠡᠭᠡᠵᠦ᠂ ᠬᠤᠳᠠᠯᠳᠤᠭᠠᠴᠢᠨ ᠠᠴᠠ ᠠᠵᠢᠯᠳᠠᠳ ᠲᠤ ᠬᠥᠯᠥᠰᠦᠨ ᠮᠥᠩᠭᠦ ᠪᠠ ᠣᠷᠣᠯᠠᠨ ᠥᠭᠭᠦᠭᠰᠡᠨ ᠪᠡᠯᠡ ᠮᠥᠩᠭᠦ ᠶᠢ ᠲᠠᠰᠤᠯᠤᠨ ᠪᠤᠳᠤᠨ᠎ᠠ᠃                              ᠲᠠᠨᠢᠯᠴᠠᠭᠤᠯᠤᠭᠰᠠᠨ ᠢᠶᠠᠷ᠂ ᠬᠥᠯᠥᠰᠦᠨ ᠮᠥᠩᠭᠦ ᠨᠢ ᠡᠩ ᠤᠨ ᠪᠠᠶᠢᠳᠠᠯ ᠳᠤ 40 ᠲᠥᠭᠦᠷᠢᠭ ᠠᠴᠠ 200 ᠲᠥᠭᠦᠷᠢᠭ ᠤᠨ ᠬᠤᠭᠤᠷᠣᠨᠳᠤ ᠪᠠᠶᠢᠳᠠᠭ᠃ ᠡᠳᠦᠷ ᠪᠦᠷᠢ ᠬᠡᠳᠦᠢ ᠬᠢᠭᠰᠡᠨ ᠴᠦ ᠪᠤᠯᠳᠠᠭ ᠪᠥᠭᠡᠳ ᠤᠳᠠᠭ᠎ᠠ ᠪᠦᠷᠢ ᠠᠴᠠ ᠨᠠᠭᠠᠳᠦ ᠵᠠᠬ᠎ᠠ ᠳᠠᠭᠠᠨ 40 ᠲᠥᠭᠦᠷᠢᠭ ᠣᠯᠳᠠᠭ ᠬᠡᠵᠦ ᠪᠠᠶᠢᠯ᠎ᠠ᠃                             ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠴᠥᠮ ᠠᠵᠢᠯᠲᠠᠨ ᠣᠷᠢᠳᠠᠪᠠᠷ ᠮᠥᠩᠭᠦ ᠶᠢ ᠣᠷᠣᠯᠠᠨ ᠳᠥᠯᠥᠬᠦ ᠴᠢᠬᠤᠯᠠᠲᠠᠢ ᠪᠠᠶᠢᠳᠠᠭ᠃ ᠡᠨᠡ ᠳᠣᠮᠳᠠ ᠳᠠᠮᠵᠢᠯᠭ᠎ᠠ ᠪᠤᠯᠭᠠᠨ ᠨᠢ ᠬᠤᠯᠪᠣᠭᠳᠠᠵᠤ ᠪᠠᠶᠢᠳᠠᠭ᠃ ᠡᠬᠦᠨ ᠠᠴᠠ ᠭᠠᠳᠠᠨ᠎ᠠ᠂ ᠵᠢᠩᠬᠢᠨᠢ ᠪᠠᠷ ︽ᠬᠤᠪᠴᠠᠰᠤ ᠰᠢᠯᠭᠠᠭᠴᠢ︾ ᠪᠣᠯᠬᠤ ᠠᠴᠠ ᠡᠮᠦᠨ᠎ᠡ ᠪᠠᠰᠠ ᠨᠡᠶᠢᠭᠡᠮᠯᠢᠭ ᠲᠤ ᠣᠷᠣᠬᠤ 350 ᠲᠥᠭᠦᠷᠢᠭ ᠳᠣᠰᠢᠶᠠᠯᠭᠠᠨ᠎ᠠ᠃ ᠡᠨᠡ ᠮᠦᠩᠬᠦ ᠶᠢ ᠬᠡᠨ ᠳᠤ ᠦᠭᠴᠦ ᠶᠠᠮᠠᠷ ᠪᠠᠷᠢᠮᠳᠠ ᠭᠠᠷᠭᠠᠵᠦ ᠠᠪᠬᠤ ᠪᠠᠨ ᠴᠦ ᠳᠣᠳᠣᠷᠬᠠᠢ ᠬᠡᠯᠡᠬᠦ ᠦᠬᠡᠢ ᠪᠠᠶᠢᠳᠠᠭ᠃                             ᠡᠭᠦᠨ ᠠᠴᠠ ᠭᠠᠳᠠᠨ᠎ᠠ᠂ ᠣᠶᠢᠷ᠎ᠠ ᠳᠤ ᠪᠠᠰᠠ ᠵᠠᠷᠢᠮ ᠬᠡᠪᠯᠡᠯ ᠮᠡᠳᠡᠬᠡᠯᠡᠯ ᠎ ᠤᠨ ᠮᠡᠳᠡᠭᠡᠯᠡᠭᠰᠡᠨ ᠎ ᠢᠶᠠᠷ᠂ 5 ᠡᠮᠡᠭᠲᠡᠢ ︽ᠬᠤᠪᠴᠠᠰᠤ ᠰᠢᠯᠭᠠᠭᠴᠢ︾ ᠪᠣᠯᠵᠤ᠂ ᠨᠡᠶᠢᠳᠡ 58 ᠲᠦᠮᠡᠨ ᠲᠥᠭᠦᠷᠢᠭ ᠮᠡᠬᠡᠯᠡᠭᠳᠡᠪᠡ᠃ ᠢᠩᠬᠢᠬᠡᠳ ᠪᠠᠰᠠ ᠵᠤᠭᠰᠤᠭ᠎ᠠ ᠦᠬᠡᠢ᠂ ᠬᠤᠬᠢᠷᠠᠭᠴᠢᠳ ᠬᠤᠪᠴᠠᠰᠤ ᠰᠢᠯᠭᠠᠭᠴᠢ ᠪᠠᠶᠢᠬᠤ ᠦᠶ᠎ᠡ ᠳᠤ ᠪᠠᠰᠠ ᠡᠯ᠎ᠡ ᠵᠦᠢᠯ ᠤᠨ APP᠎ ᠶᠢ ᠲᠠᠰᠤᠷᠠᠯᠲᠠ ᠦᠭᠡᠢ ᠪᠠᠭᠤᠯᠭᠠᠵᠤ᠂ ᠪᠡᠶ᠎ᠡ ᠶᠢᠨ ᠦᠨᠡᠮᠯᠡᠯ ᠢᠶᠠᠨ ᠳᠠᠮᠵᠢᠭᠤᠯᠵᠤ᠂ ᠬᠤᠪᠢ ᠬᠥᠮᠥᠨ ᠤ ᠮᠡᠳᠡᠭᠡ ᠵᠠᠩᠭᠢ ᠪᠠᠨ ᠵᠠᠳᠠᠷᠠᠭᠤᠯᠤᠨ᠂ ᠰᠦᠯᠵᠢᠶᠡᠨ ᠤ ᠵᠢᠭᠡᠯᠡᠯᠭᠡ ᠳᠤ ᠤᠨᠠᠬᠤ ᠠᠶᠤᠯᠳᠠᠢ᠃      ᠬᠢᠴᠢᠶᠡᠬᠡᠷᠡᠢ᠂ ᠬᠦᠮᠦᠰ ᠡ︕
ᠢᠷᠡᠯᠲᠡ᠄ ᠠᠷᠠᠳ ᠤᠨ ᠰᠦᠯᠵᠢᠶ᠎ᠡ