ᠰᠠᠩᠮᠠᠢ ᠪᠤᠯᠠᠭ ᠰᠠᠷᠠᠭᠤᠯ ᠨᠤᠳᠤᠭ
ᠨᠡᠶᠢᠲᠡᠯᠡᠭᠰᠡᠨ ᠴᠠᠭ᠄
2022/10/15
ᠰᠠᠩᠮᠠᠢ ᠪᠤᠯᠠᠭ ᠰᠠᠷᠠᠭᠤᠯ ᠨᠤᠳᠤᠭ ᠮᠢᠨᠢ ᠰᠠᠶᠢᠬᠠᠨ ᠬᠡᠭᠴᠢ ᠠᠷᠭ᠎ᠠ ᠦᠬᠡᠢ ᠰᠠᠯᠵᠤ ᠤᠳᠠᠭᠰᠠᠨ ᠲᠤᠩᠭᠠᠯᠠᠭ ᠴᠢᠮ᠎ᠠ ᠲᠠᠢ ᠪᠠᠨ ᠰᠠᠨᠠᠭ᠎ᠠ ᠲᠤᠷ᠎ᠠ ᠪᠠᠷ ᠶᠠᠷᠢᠯᠴᠠᠶ᠎ᠠ ᠰᠠᠷᠠᠭᠤᠯ ᠨᠤᠳᠤᠭ ᠰᠠᠩᠮᠠᠢ ᠪᠤᠯᠠᠭ ᠰᠠᠶᠢᠬᠠᠨ ᠬᠡᠭᠴᠢ ᠨᠢ ᠠᠷᠭ᠎ᠠ ᠦᠬᠡᠢ ᠰᠠᠳᠤᠨ ᠨᠦᠬᠦᠷ ᠲᠤᠩᠭᠠᠯᠠᠭ ᠮᠢᠨᠢ ᠰᠠᠨᠠᠭᠠᠨ ᠤ ᠮᠢᠨᠢ ᠵᠤᠪᠠᠯᠠᠩ ᠰᠦᠨᠢ ᠲᠤᠮᠳᠠ ᠶᠢᠨ ᠰᠡᠷᠢᠬᠦᠬᠡᠨ ᠰᠠᠯᠬᠢ ᠰᠡᠳᠬᠢᠯ ᠲᠠᠢ ᠮᠢᠨᠢ ᠬᠤᠤᠰᠯᠠᠵᠤ ᠪᠠᠶᠢᠨ᠎ᠠ ᠰᠦᠨᠢ ᠡᠳᠦᠷ ᠦᠬᠡᠢ ᠲᠠᠪᠬᠢᠭᠰᠠᠭᠠᠷ ᠪᠠᠶᠢᠭᠠᠳ ᠬᠦᠷᠦᠬᠡᠳ ᠯᠡ ᠢᠷᠡᠯ᠎ᠡ ᠳ᠋ᠣᠣ ᠴᠡᠭᠴᠡ ᠦᠨᠳᠦᠷ ᠴᠡᠷᠢᠭ ᠤᠨ ᠬᠠᠶᠢᠰᠠᠩ ᠢ ᠴᠢᠳᠠᠯ ᠢᠶᠠᠷ ᠢᠶᠠᠨ ᠲᠤᠭᠤᠯᠤᠭᠰᠠᠨ ᠶᠤᠮ ᠳ᠋ᠣᠣ ᠵᠢᠬᠡᠬᠦᠨ ᠭᠠᠰᠢᠭᠤᠨ ᠵᠤᠪᠠᠯᠠᠩ ᠢ ᠵᠤᠷᠢᠭ ᠢᠶᠠᠷ ᠢᠶᠠᠨ ᠲᠤᠭᠤᠯᠤᠭᠰᠠᠨ ᠶᠤᠮ ᠡ ᠠᠭᠤᠯᠠ ᠬᠠᠳᠠ ᠤᠰᠤ ᠪᠠᠯᠠᠷ ᠢ ᠤᠨᠤᠭ᠎ᠠ ᠪᠠᠷ ᠢᠶᠠᠨ ᠲᠤᠭᠤᠯᠤᠭᠰᠠᠨ ᠶᠤᠮ ᠡ ᠤᠨᠠᠭᠰᠠᠨ ᠰᠢᠷᠤᠢ ᠤᠷᠳᠤᠰ ᠨᠤᠳᠤᠭ ᠮᠢᠨᠢ ᠤᠨᠢᠶᠠᠷᠳᠤᠨ ᠬᠠᠷᠠᠭᠳᠠᠨ᠎ᠠ ᠬᠡᠷᠴᠢᠵᠦ ᠬᠤᠪᠢᠶᠠᠭᠰᠠᠨ ᠬᠦᠬᠦᠦᠷ ᠤᠨ ᠰᠢᠬᠢᠳᠬᠡᠬᠡ ᠨᠢ ᠬᠡᠷᠡᠴᠢ ᠪᠤᠯᠬᠤ ᠶᠢᠨ ᠲᠡᠮᠳᠡᠭ ᠶᠤᠮ ᠬᠡᠳᠦᠢ ᠤᠳᠠᠭᠠᠨ ᠵᠤᠯᠭᠠᠬᠤ ᠦᠬᠡ ᠪᠤᠯᠪᠠᠴᠤ ᠲᠠᠨᠢᠯᠴᠠᠬᠤ ᠶᠢᠨ ᠪᠠᠳᠤ ᠲᠡᠮᠳᠡᠭ ᠶᠤᠮ ᠰᠢᠤ ᠲᠤᠩ ᠴᠤ ᠲᠤᠯᠤᠭᠠᠢ ᠶᠢᠨ ᠤᠷᠤᠢ ᠲᠡᠬᠡᠷ᠎ᠡ ᠲᠤᠷᠨᠢᠭᠤᠨ ᠰᠦᠷᠦᠭ ᠮᠢᠨᠢ ᠪᠡᠯᠴᠢᠵᠦ ᠪᠠᠶᠢᠨ᠎ᠠ ᠲᠠᠭᠤᠤ ᠪᠠᠨ ᠲᠠᠭᠤᠯᠠᠭᠠᠳ ᠮᠤᠷᠳᠠᠭᠰᠠᠨ ᠢᠶᠠᠨ ᠪᠤᠳᠤᠪᠠᠯ ᠲᠤᠳᠤᠷ᠎ᠠ ᠮᠢᠨᠢ ᠰᠢᠮᠰᠢᠷᠡᠨ᠎ᠡ ᠴᠡᠩᠬᠡᠷ ᠬᠦᠬᠡ ᠬᠠᠶᠢᠰᠠᠩ ᠢᠶᠠᠷ ᠢᠶᠠᠨ ᠴᠢᠳᠠᠯ ᠢᠶᠠᠷ ᠢᠶᠠᠨ ᠲᠤᠭᠤᠯᠤᠭᠰᠠᠨ ᠶᠤᠮ ᠳ᠋ᠣᠣ ᠴᠢᠨᠤ ᠲᠤᠳᠤᠷ᠎ᠠ ᠵᠢᠭᠵᠢᠯᠪᠡᠯ ᠮᠢᠨᠦ ᠲᠤᠳᠤᠷ᠎ᠠ ᠰᠢᠮᠰᠢᠷᠡᠨ᠎ᠡ ᠬᠤᠸᠠ ᠴᠤ ᠲᠤᠯᠤᠭᠠᠢ ᠶᠢᠨ ᠤᠷᠤᠢ ᠲᠡᠬᠡᠷ᠎ᠡ ᠪᠠᠨ ᠬᠤᠨᠢᠨ ᠰᠦᠷᠦᠭ ᠮᠢᠨᠢ ᠢᠳᠡᠰᠢᠯᠡᠨ᠎ᠡ ᠬᠤᠩᠭᠤᠷ ᠠᠯᠠᠭ ᠢᠶᠠᠨ ᠪᠤᠳᠤᠪᠠᠯ ᠬᠤᠨᠤᠭ ᠤᠨ ᠮᠢᠨᠢ ᠵᠡᠬᠦᠳᠦᠨ ᠳᠤ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
ᠢᠷᠡᠯᠲᠡ᠄ ᠲᠤᠰ ᠰᠦᠯᠵᠢᠶ᠎ᠡ