ᠰᠤᠪᠤᠷᠭ᠎ᠠ ᠪᠠᠯᠭᠠᠰᠤᠨ ᠤ ᠵᠤᠰᠠᠯᠠᠩ ᠤᠨ ᠦᠳᠡᠰᠢᠯᠡᠭᠡ ᠳᠡᠭᠡᠷ᠎ᠡ ᠶᠠᠭᠠᠷᠠᠯᠲᠠᠶ ᠪᠣᠯᠪᠠᠰᠤᠷᠠᠵᠤ ᠪᠠᠶᠢᠭ᠎ᠠ ᠨᠢ
ᠨᠡᠶᠢᠲᠡᠯᠡᠭᠰᠡᠨ ᠴᠠᠭ᠄
2021/7/30
       7 ᠰᠠᠷ᠎ᠠ ᠶᠢᠨ 20᠎ ᠤ ᠡᠳᠦᠷ ᠤᠨ ᠦᠳᠡ ᠶᠢᠨ ᠡᠮᠦᠨ᠎ᠡ᠂ ᠰᠤᠪᠤᠷᠭ᠎ᠠ ᠪᠠᠯᠭᠠᠰᠤᠨ ᠤ ᠰᠣᠶᠣᠯ ᠤᠨ ᠦᠶᠯᠡᠴᠢᠯᠡᠭᠡᠨ ᠤ ᠲᠥᠪ ᠠᠴᠠ ᠢᠷᠠᠭᠤ ᠰᠠᠶᠢᠬᠠᠨ ᠳᠠᠭᠤᠤ ᠬᠠᠩᠭᠢᠨᠠᠵᠤ ᠪᠠᠶᠢᠯ᠎ᠠ᠂ ᠡᠨᠡ ᠪᠣᠯ ᠰᠤᠪᠤᠷᠭ᠎ᠠ ᠶᠢᠨ ᠮᠠᠯᠴᠢᠨ ᠲᠠᠷᠢᠶᠠᠴᠢᠨ ᠤ ᠤᠷᠠᠨ ᠰᠠᠶᠢᠬᠠᠨ ᠤ ᠠᠩᠭᠢ ᠤᠳᠠᠯ ᠥᠬᠡᠶ ᠬᠦᠷᠴᠦ ᠢᠷᠡᠬᠦ ᠭᠡᠵᠦ ᠪᠠᠶᠢᠭ᠎ᠠ ︽ᠨᠠᠮ ᠢᠶᠠᠨ ᠡᠭᠦᠷᠢᠳᠡ ᠳᠠᠭᠠᠬᠤ︾ ᠡᠵᠡᠨ ᠬᠤᠷᠤᠭ᠎ᠠ ᠬᠤᠰᠢᠭᠤᠨ ᠤ ᠳᠥᠷᠪᠡᠳᠦᠭᠡᠷ ᠬᠤᠭᠤᠴᠠᠭᠠᠨ ᠤ ᠲᠡᠭᠷᠢᠯᠢᠭ ᠵᠤᠰᠠᠯᠠᠩ ᠤᠨ ᠦᠳᠡᠰᠢᠯᠡᠭᠡ ᠳᠤ ᠶᠠᠭᠠᠷᠠᠯᠲᠠᠶ ᠪᠣᠯᠪᠠᠰᠤᠷᠠᠵᠤ ᠪᠠᠶᠢᠭ᠎ᠠ ᠶᠠᠪᠤᠳᠠᠯ ᠪᠣᠯᠤᠨ᠎ᠠ  ᠃      ᠡᠨᠡ ᠵᠤᠨ ᠤ ᠠᠭᠠᠭᠢᠮ᠎ᠠ ᠬᠠᠯᠠᠭᠤᠨ᠂ ᠤᠷᠮ᠎ᠠ ᠰᠡᠳᠬᠢᠯᠬᠡ ᠦᠨᠳᠦᠷ ᠤᠯᠠᠷᠢᠯ᠂ ᠵᠢᠯ ᠪᠦᠷᠢ ᠶᠢᠨ ᠵᠤᠨ ᠤ ᠤᠯᠠᠷᠢᠯ ᠤᠨ ᠦᠳᠡᠰᠢᠯᠡᠭᠡ ᠤᠳᠠᠯ ᠦᠬᠡᠢ ᠬᠦᠷᠴᠦ ᠢᠷᠡᠬᠦ ᠪᠣᠯᠤᠯ᠎ᠠ  ᠃ ᠡᠯ᠎ᠡ ᠭᠠᠴᠠᠭ᠎ᠠ ᠲᠣᠰᠬᠤᠨ ᠤ ᠲᠠᠷᠢᠶᠠᠴᠢᠨ ᠮᠠᠯᠴᠢᠳ ᠪᠦᠬᠦ ᠬᠦᠴᠦᠨ ᠢᠶᠠᠷ ᠢᠶᠠᠨ ᠪᠣᠯᠪᠠᠰᠤᠷᠠᠵᠤ᠂ ᠣᠯᠠᠨ ᠤ ᠤᠬᠠᠭᠠᠨ ᠬᠠᠮᠲᠤ ᠶᠢᠨ ᠬᠦᠴᠦ ᠪᠠᠷ ᠫᠷᠤᠭ᠍ᠷᠠᠮ ᠨᠢᠭᠡᠪᠦᠷᠢ ᠨᠢ ᠴᠥᠮ ᠬᠠᠮᠤᠭ ᠤᠨ ᠬᠠᠨᠤᠮᠵᠢᠲᠠᠶ ᠦᠷ᠎ᠡ ᠪᠦᠲᠦᠮᠵᠢ ᠣᠯᠬᠤ ᠪᠠᠷ ᠴᠢᠷᠮᠠᠶᠢᠵᠤ᠂ ᠣᠯᠠᠨ ᠤ ᠬᠠᠮᠲᠤ ᠎ ᠶᠢᠨ ᠴᠢᠷᠮᠠᠶᠢᠯᠭ᠎ᠠ ᠪᠠᠷ᠂ ᠪᠢᠳᠡᠨ ᠤ ᠵᠣᠨ ᠤ ᠤᠯᠠᠷᠢᠯ ᠤᠨ ᠲᠣᠭᠯᠠᠯᠲᠠ ᠭᠤᠴᠣ ᠰᠠᠶᠢᠬᠠᠨ ᠪᠣᠯᠬᠤ ᠶᠢ ᠢᠲᠡᠭᠡᠵᠦ ᠪᠠᠶᠢᠨ᠎ᠠ᠃      ᠲᠣᠰ ᠤᠳᠠᠭᠠᠨ ᠤ ᠦᠳᠡᠰᠢᠯᠡᠭᠡ ᠶᠢᠨ ᠰᠤᠪᠤᠷᠭ᠎ᠠ ᠪᠠᠯᠭᠠᠰᠤᠨ ᠤ ᠮᠠᠯᠴᠢᠨ ᠲᠠᠷᠢᠶᠠᠴᠢᠨ ᠤ ᠤᠷᠠᠨ ᠰᠠᠶᠢᠬᠠᠨ ᠎ ᠤ ᠠᠩᠭᠢ ᠶᠢᠨ ᠪᠡᠯᠡᠳᠬᠡᠭᠰᠡᠨ ᠲᠣᠭᠯᠠᠯᠲᠠ ᠶᠢᠨ ᠬᠡᠯᠪᠡᠷᠢ ᠪᠠᠶᠠᠯᠢᠭ ᠪᠠᠶᠢᠵᠤ᠂ ᠰᠢ ᠵᠦᠴᠦᠭᠡ᠂ ᠪᠥᠵᠢᠭ᠂ ᠬᠦᠭᠵᠢᠮᠳᠡᠬᠦᠷ᠂ ᠳᠠᠭᠤᠤ ᠶᠢᠨ ᠠᠯᠢ ᠨᠢ ᠴᠦ ᠪᠦᠷ ᠴᠢᠯᠥᠭᠡᠲᠡᠶ᠂ ᠭᠤᠤᠯ ᠰᠡᠳᠦᠪ ᠨᠢ ᠢᠳᠡᠪᠬᠢᠲᠡᠶ ᠳᠡᠭᠡᠭᠰᠢᠯᠡᠨ᠂ ᠰᠤᠪᠤᠷᠭ᠎ᠠ ᠪᠠᠯᠭᠠᠰᠤᠨ ᠤ ᠰᠣᠶᠣᠯ ᠤᠨ ᠦᠶᠯᠡᠰ ᠤᠨ ᠬᠥᠭᠵᠢᠯᠲᠡ ᠶᠢ ᠳᠡᠭᠡᠭᠰᠢᠯᠡᠭᠦᠯᠬᠦ ᠶᠢᠨ ᠲᠥᠯᠥᠭᠡ ᠶᠠᠪᠤᠭᠳᠠᠵᠠᠶ  ᠃ ᠦᠳᠡᠰᠢᠯᠡᠭᠡ ᠨᠢ 7 ᠰᠠᠷ᠎ᠠ ᠶᠢᠨ 28᠎ ᠤ ᠤᠷᠤᠢ ᠡᠵᠡᠨ ᠬᠤᠷᠤᠭ᠎ᠠ ᠬᠤᠰᠢᠭᠤᠨ ᠤ ᠵᠢᠶᠦ᠋ᠨ ᠸᠠᠩ ᠤᠨ ᠣᠷᠳᠣᠨ ᠤ ᠠᠭᠤᠳᠠᠮ ᠲᠠᠯᠠᠪᠠᠢ ᠳᠤ ᠦᠵᠡᠭᠴᠢᠳ ᠲᠠᠢ ᠠᠭᠤᠯᠵᠠᠨ᠎ᠠ  ᠃ ᠲᠤᠬᠠᠶ ᠶᠢᠨ ᠦᠶ᠎ᠡ ᠳᠤ᠂ ᠮᠠᠯᠴᠢᠨ ᠲᠠᠷᠢᠶᠠᠴᠢᠨ ᠤ ᠤᠷᠠᠨ ᠰᠠᠶᠢᠬᠠᠨ ᠤ ᠠᠩᠭᠢ ᠣᠯᠠᠨ ᠳᠤ ᠨᠢᠭᠡ ᠤᠳᠠᠭᠠᠨ ᠤ  ︽ᠵᠣᠨ ᠤ ᠤᠯᠠᠷᠢᠯ ᠤᠨ ᠰᠣᠶᠣᠯ ᠤᠨ ᠦᠵᠡᠬᠦᠯᠬᠡ︾ ᠡᠷᠭᠦᠬᠦ ᠪᠣᠯᠤᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号