| | 1᠂ ᠰᠠ ᠳᠤ ᠲᠠᠭᠠᠷᠢᠭᠳᠠᠬᠤ ᠶᠢ ᠰᠡᠷᠬᠡᠶᠢᠯᠡᠨ᠎ᠡ᠃ ᠲᠦᠮᠦᠰᠦᠨ ᠳᠤ ᠮᠠᠰᠢ ᠡᠯᠪᠡᠭ ᠸᠢᠲ᠋ᠠᠮᠢᠨ B ᠶᠢᠨ | ᠪᠦᠯᠦᠭ ᠪᠤᠯᠤᠨ ᠤᠨᠴᠠ ᠰᠠᠶᠢᠨ ᠰᠢᠷᠬᠡᠭᠯᠢᠭ ᠡᠳ᠋ ᠪᠡᠶ᠎ᠡ ᠮᠠᠬᠠᠪᠤᠳ ᠤᠨ ᠦᠳᠡᠯᠬᠦ ᠶᠢ ᠤᠳᠠᠭᠠᠰᠢᠷᠠᠭᠤᠯᠬᠤ ᠳᠤ | ᠴᠢᠬᠤᠯᠠ ᠦᠢᠯᠡᠳᠦᠯ ᠦᠵᠡᠬᠦᠯᠳᠡᠭ᠃ ᠲᠦᠮᠦᠰᠦᠨ ᠳᠤ ᠡᠯᠪᠡᠭ ᠪᠠᠶᠢᠳᠠᠭ ᠢᠳᠡᠰᠢ ᠶᠢᠨ ᠰᠢᠷᠬᠡᠭᠯᠢᠭ ᠪᠤᠯᠤᠨ | ᠨᠢᠰᠢᠩᠬᠦ ᠶᠢᠨ ᠰᠢᠬᠢᠷ ᠰᠢᠩᠬᠡᠬᠡᠯᠳᠡ ᠶᠢᠨ ᠵᠠᠮ ᠤᠨ ᠦᠮᠡᠨ ᠢ ᠰᠡᠷᠬᠡᠶᠢᠯᠡᠨ ᠡᠮᠴᠢᠯᠡᠵᠦ᠂ ᠴᠢᠰᠦᠨ ᠳᠠᠬᠢ ᠰᠦᠰᠦᠨ | ᠴᠢᠯᠠᠭᠤᠯᠢᠭ ᠠᠯᠺᠤᠤᠯ ᠤᠨ ᠠᠭᠤᠯᠤᠭᠳᠠᠴᠠ ᠶᠢ ᠡᠷᠬᠡᠰᠢᠶᠡᠬᠦ ᠳᠤ ᠲᠤᠰᠠᠳᠠᠢ᠃ ᠡᠬᠦᠨ ᠤ ᠲᠤᠳᠤᠷᠠᠬᠢ ᠨᠢᠯᠴᠠᠭᠠᠢ | ᠤᠭᠤᠷᠠᠭ ᠨᠢ ᠵᠢᠷᠤᠬᠡ ᠴᠢᠰᠦᠨ ᠰᠤᠳᠠᠯ ᠤᠨ ᠡᠪᠡᠳᠴᠢᠨ ᠬᠡᠮ ᠢ ᠤᠷᠢᠳᠴᠢᠯᠠᠨ ᠰᠡᠷᠬᠡᠶᠢᠯᠡᠳᠡᠭ᠃ ᠲᠦᠮᠦᠰᠦ ᠪᠠᠰᠠ | ᠺᠠᠯᠢ ᠶᠢᠨ ᠡᠯᠧᠮᠧᠨ᠋ᠲ ᠡᠯᠪᠡᠭ ᠠᠭᠤᠯᠤᠭᠳᠠᠳᠠᠭ ᠪᠠᠨᠠᠨᠠ᠂ ᠬᠦᠢᠯᠡᠰᠦ᠂ ᠲᠤᠭᠤᠷ ᠲᠠᠢ ᠠᠳᠠᠯᠢᠬᠠᠨ ᠰᠠ ᠡᠪᠡᠳᠴᠢᠨ | ᠲᠤᠰᠬᠤ ᠠᠶᠤᠯ ᠢ ᠪᠠᠭᠠᠰᠬᠠᠬᠤ ᠮᠦᠷᠳᠡᠬᠡᠨ ᠶᠠᠮᠠᠷᠴᠦ ᠭᠠᠵᠢᠭᠤ ᠦᠢᠯᠡᠳᠦᠯ ᠦᠬᠡᠢ᠃ ᠰᠤᠳᠤᠯᠭᠠᠳᠠᠳ᠂ ᠡᠳᠦᠷ | ᠪᠤᠯᠭᠠᠨ ᠨᠢᠬᠡ ᠲᠦᠮᠦᠰᠦ ᠢᠳᠡᠪᠡᠯ ᠰᠠ ᠳᠤ ᠲᠠᠭᠠᠷᠢᠭᠳᠠᠬᠤ ᠲᠤᠬᠢᠶᠠᠯᠳᠤᠮᠵᠢ 40% ᠪᠠᠷ ᠲᠤᠷᠤᠭᠰᠢᠯᠠᠨ᠎ᠠ ᠬᠡᠵᠦ | ᠵᠢᠭᠠᠵᠦ ᠭᠠᠷᠭᠠᠭᠰᠠᠨ ᠪᠠᠶᠢᠨ᠎ᠠ᠃ | 2᠂ ᠮᠠᠷᠢᠶ᠎ᠠ ᠰᠢᠭᠤᠷᠠᠨ᠎ᠠ᠃ ᠲᠦᠮᠦᠰᠦ ᠢᠳᠡᠬᠦ ᠳᠤ ᠪᠡᠶ᠎ᠡ ᠮᠠᠬᠠᠪᠤᠳ ᠲᠤ ᠦᠬᠡᠬᠦ ᠬᠤᠷᠠᠮᠳᠤᠬᠤ ᠠᠴᠠ | ᠰᠠᠨᠠᠭ᠎ᠠ ᠪᠣᠯᠬᠤ ᠤᠴᠢᠷ ᠦᠬᠡᠢ᠃ ᠲᠡᠬᠦᠨ ᠳᠤ᠂ ᠵᠦᠪᠬᠡᠨ 0.1% ᠶᠢᠨ ᠯᠡ ᠦᠬᠡᠬᠦ ᠠᠭᠤᠯᠤᠭᠳᠠᠳᠠᠭ᠃ | ᠲᠡᠶᠢᠮᠦ ᠠᠴᠠ᠂ ᠡᠳᠦᠷ ᠪᠤᠯᠭᠠᠨ ᠲᠦᠮᠦᠰᠦ ᠢᠯᠡᠬᠦᠬᠡᠨ ᠢᠳᠡᠪᠡᠯ ᠪᠡᠶ᠎ᠡ ᠮᠠᠬᠠᠪᠤᠳ ᠲᠤ ᠰᠢᠩᠬᠡᠬᠦ ᠦᠬᠡᠬᠦ | ᠬᠠᠰᠤᠭᠳᠠᠵᠦ᠂ ᠢᠯᠡᠬᠦᠴᠡ ᠦᠬᠡᠬᠦ ᠠᠯᠭᠤᠷ ᠰᠤᠯᠢᠯᠴᠠᠭ᠎ᠠ ᠪᠠᠷ ᠭᠠᠳᠠᠭᠰᠢᠯᠠᠬᠤ ᠪᠤᠯᠤᠨ᠎ᠠ᠃ ᠲᠠᠬᠢᠪᠠᠯ ᠲᠦᠮᠦᠰᠦ | ᠢᠳᠡᠪᠡᠯ ᠰᠢᠮ᠎ᠡ ᠲᠡᠵᠢᠬᠡᠯ ᠴᠤᠯᠭᠤᠶᠢᠳᠠᠨ ᠡᠷᠡᠬᠦᠯ ᠮᠡᠨᠳᠦ ᠬᠤᠬᠢᠷᠠᠬᠤ ᠠᠴᠠ ᠰᠠᠨᠠᠭ᠎ᠠ ᠵᠤᠪᠠᠭ᠋ᠤ ᠵᠦᠢᠯ ᠦᠬᠡᠢ᠃ | ᠲᠦᠮᠦᠰᠦᠨ ᠳᠤ ᠠᠭᠤᠯᠤᠭᠳᠠᠭ᠎ᠠ ᠰᠢᠯᠢᠳᠡᠭ ᠴᠢᠨᠠᠷ ᠤᠨ ᠤᠭᠤᠷᠠᠭ ᠤᠨ ᠰᠢᠮ᠎ᠡ ᠲᠡᠵᠢᠬᠡᠯ ᠤᠨ ᠦᠷᠳᠡᠭ ᠴᠦ ᠲᠡᠷᠡ᠂ | ᠡᠷᠡᠬᠦᠯᠵᠢᠯ ᠤᠨ ᠦᠢᠯᠡᠳᠦᠯ ᠨᠢ ᠴᠦ ᠪᠤᠯᠤᠭ᠂ ᠪᠦᠷ ᠰᠢᠷ᠎ᠠ ᠪᠤᠷᠴᠠᠭ ᠠᠴᠠ ᠲᠤᠤᠷᠠᠳᠠᠬᠤ ᠦᠬᠡᠢ᠃ ᠪᠡᠶ᠎ᠡ | ᠮᠠᠬᠠᠪᠤᠳ ᠲᠤ ᠱᠠᠭᠠᠷᠳᠠᠭᠳᠠᠳᠠᠭ ᠨᠡᠬᠦᠷᠡᠰᠦ ᠤᠰᠤᠨ ᠤ ᠨᠢᠬᠡᠳᠪᠦᠷᠢ᠂ ᠡᠯ᠎ᠡ ᠵᠦᠢᠯ ᠤᠨ ᠸᠢᠲ᠋ᠠᠮᠢᠨ᠂ ᠡᠷᠤᠳᠡᠰᠦ | ᠪᠤᠳᠠᠰ ᠵᠡᠷᠭᠡ ᠶᠢᠨ ᠪᠤᠰᠤᠳ ᠰᠢᠮ᠎ᠡ ᠲᠡᠵᠢᠬᠡᠯᠳᠤ ᠪᠤᠳᠠᠰ ᠨᠢ ᠴᠦ ᠲᠤᠳᠤᠷᠭ᠎ᠠ᠂ ᠭᠤᠯᠢᠷ ᠠᠴᠠ ᠨᠡᠩ ᠪᠦᠷᠢᠨ | ᠲᠡᠬᠦᠯᠳᠡᠷ ᠪᠠᠶᠢᠳᠠᠭ᠃ | 3᠂ ᠬᠤᠳᠤᠭᠤᠳᠤ ᠶᠢ ᠰᠤᠪᠢᠯᠠᠨ᠎ᠠ᠃ ᠬᠢᠳᠡᠳ ᠡᠮᠨᠡᠯᠬᠡ ᠳᠤ ᠲᠦᠮᠦᠰᠦ ᠬᠤᠳᠤᠭᠤᠳᠤ ᠶᠢ ᠰᠤᠪᠢᠯᠠᠵᠦ᠂ | ᠲᠡᠯᠢᠬᠦᠤ ᠶᠢ ᠴᠢᠬᠢᠷᠠᠭᠵᠢᠭᠤᠯᠤᠨ᠂ ᠬᠤᠳᠤᠭᠤᠳᠤᠨ ᠤ ᠰᠢᠷᠬᠠᠯᠠᠭ᠎ᠠ ᠶᠢ ᠡᠮᠴᠢᠯᠡᠨ᠎ᠡ ᠬᠡᠵᠦ ᠦᠵᠡᠳᠡᠭ᠃ ᠵᠤᠷᠰᠢᠯ ᠤᠨ | ᠴᠢᠨᠠᠷᠳᠠᠢ ᠬᠤᠷᠭᠤᠰᠤᠯᠠᠳᠠᠭ ᠡᠪᠡᠳᠴᠢᠨ ᠬᠡᠮ ᠳᠤ ᠮᠠᠰᠢ ᠲᠤᠰᠠᠳᠠᠢ ᠮᠦᠷᠳᠡᠬᠡᠨ ᠬᠤᠤᠷ ᠲᠠᠶᠢᠯᠵᠦ᠂ ᠦᠷᠪᠢᠰᠦᠯ ᠢ | ᠲᠠᠷᠤᠬᠤ ᠦᠢᠯᠡᠳᠦᠯ ᠲᠠᠢ᠃ |