1᠂ ᠨᠤᠨᠳᠠᠭ ᠡᠮ ᠤᠨ ᠲᠦᠷᠦᠯ᠄ ᠬᠢᠷᠢ ᠲᠡᠩᠴᠡᠭᠰᠡᠨ ᠨᠤᠨᠳᠠᠭ ᠲᠠᠷᠢᠶ᠎ᠠ ᠡᠮ ᠨᠢ ᠴᠢᠬᠢᠭᠳᠦᠵᠦ ᠭᠡᠰᠡᠭᠷᠡᠬᠦ | ᠢᠯᠡᠷᠡᠯ ᠦᠭᠡᠢ ᠶᠤᠮ᠃ ᠬᠡᠷᠪᠡ ᠭᠠᠳᠠᠷ ᠲᠠᠯ᠎ᠠ ᠨᠢ ᠴᠢᠬᠢᠭᠳᠦᠵᠦ᠂ ᠪᠠᠷᠢᠬᠤ ᠳᠤ ᠴᠢᠬᠢᠭᠳᠦᠨ ᠬᠡᠰᠡᠭᠷᠡᠵᠦ ᠪᠠᠶᠢᠪᠠᠯ | ᠬᠠᠭᠠᠰ ᠬᠦᠴᠦᠨ ᠦᠭᠡᠢ ᠪᠣᠯᠤᠭᠰᠠᠨ ᠲᠠᠷᠢᠶᠠᠨ ᠡᠮ ᠪᠣᠯᠤᠨ᠎ᠠ᠃ ᠬᠡᠷᠪᠡ ᠬᠡᠰᠡᠭᠷᠡᠭᠰᠡᠨ ᠨᠢ ᠵᠦᠭᠡᠯᠡᠨ ᠪᠣᠯ ᠬᠠᠷᠢᠨ | ᠪᠦᠷᠢᠮᠦᠰᠦᠨ ᠬᠦᠴᠦᠨ ᠦᠭᠡᠢ ᠪᠣᠯᠤᠭᠰᠠᠨ ᠲᠠᠷᠢᠶᠠᠨ ᠡᠮ ᠪᠢᠯᠡ᠃ | 2᠂ ᠴᠢᠬᠢᠭᠳᠦᠮᠡᠭᠡᠢ ᠨᠣᠨᠳᠠᠭ ᠡᠮ᠄ ᠪᠠᠭ᠎ᠠ ᠰᠠᠭ᠎ᠠ ᠲᠠᠷᠢᠶᠠᠨ ᠡᠮ ᠤᠨ ᠨᠤᠨᠳᠠᠭ ᠠᠴᠠ ᠠᠪᠴᠤ ᠰᠠᠪᠠᠨ ᠳᠤ | ᠬᠢᠭᠡᠳ ᠵᠤᠬᠢᠬᠤ ᠬᠡᠮᠵᠢᠶᠡᠨ ᠤ ᠤᠰᠤ ᠨᠡᠮᠡᠭᠡᠳ ᠵᠣᠳᠠᠩᠰᠢᠭᠤᠯᠤᠨ ᠵᠢᠭᠤᠷᠠᠨ᠎ᠠ᠂ ᠲᠡᠭᠡᠭᠡᠳ ᠳᠠᠬᠢᠨ ᠪᠠᠭ᠎ᠠ | ᠬᠡᠮᠵᠢᠶᠡᠨ ᠤ ᠤᠰᠤ ᠵᠢᠭᠳᠡ ᠬᠤᠳᠬᠤᠯᠤᠭᠠᠳ ᠲᠤᠨᠤᠭᠰᠠᠨ ᠬᠤᠶᠢᠨ᠎ᠠ ᠠᠵᠢᠭᠯᠠᠨ᠎ᠠ᠃ ᠬᠡᠷᠪᠡ ᠬᠢᠷᠢ ᠲᠡᠩᠴᠡᠭᠰᠡᠨ | ᠲᠠᠷᠢᠶᠠᠨ ᠡᠮ ᠪᠣᠯ ᠲᠡᠭᠦᠨ ᠤ ᠳᠡᠭᠳᠡᠬᠦ ᠴᠢᠨᠠᠷ ᠨᠢ ᠰᠠᠶᠢᠨ᠂ ᠨᠤᠨᠳᠠᠭ ᠤᠨ ᠲᠤᠩᠬᠤ ᠨᠢ ᠤᠳᠠᠭᠠᠨ ᠪᠠᠶᠢᠳᠠᠭ ᠪᠦᠭᠡᠳ | ᠲᠤᠨᠤᠳᠠᠰᠤ ᠨᠢ ᠴᠦ ᠲᠤᠩ ᠪᠠᠭ᠎ᠠ ᠶᠤᠮ᠃ ᠡᠭᠦᠨ ᠤ ᠡᠰᠡᠷᠭᠦ ᠪᠠᠷ ᠪᠣᠯ ᠠᠳᠠᠯᠢ ᠪᠤᠰᠤ ᠬᠡᠮᠵᠢᠶ᠎ᠡ ᠪᠠᠷ ᠬᠦᠴᠦᠨ | ᠦᠭᠡᠢ ᠪᠣᠯᠤᠭᠰᠠᠨ ᠲᠠᠷᠢᠶᠠᠨ ᠡᠮ ᠪᠣᠶᠤ ᠴᠢᠨᠠᠷ ᠬᠤᠪᠢᠷᠠᠭᠰᠠᠨ ᠲᠠᠷᠢᠶᠠᠨ ᠡᠮ ᠤᠳ ᠪᠣᠯᠤᠨ᠎ᠠ᠃ | 3᠂ ᠴᠢᠢᠳᠡᠮᠯᠢᠭ ᠡᠮ ᠤᠨ ᠲᠦᠷᠦᠯ᠄ ᠡᠶᠢᠮᠦᠷᠬᠦ ᠲᠠᠷᠢᠶᠠᠨ ᠡᠮ ᠢ ᠢᠯᠭᠠᠨ ᠲᠠᠨᠢᠬᠤ ᠦᠶᠡᠰ᠂ ᠡᠮ ᠤᠨ | ᠯᠣᠩᠬᠤ ᠶᠢ ᠬᠦᠴᠦᠲᠠᠢ ᠲᠣᠷᠬᠢᠭᠤᠯᠵᠤ᠂ ᠨᠢᠭᠡ ᠴᠠᠭ ᠣᠷᠴᠢᠮ ᠲᠠᠯᠪᠢᠭᠠᠳ ᠠᠵᠢᠭᠯᠠᠨ᠎ᠠ᠃ ᠬᠡᠷᠪᠡ ᠳᠠᠪᠬᠤᠷᠠᠳᠤᠪᠠᠯ | ᠲᠠᠷᠢᠶᠠᠨ ᠡᠮ ᠨᠢᠭᠡᠨᠲᠡ ᠬᠦᠴᠦᠨ ᠦᠭᠡᠢ ᠪᠣᠯᠤᠭᠰᠠᠨ ᠢ ᠲᠣᠲᠤᠷᠬᠠᠶᠢᠯᠠᠳᠠᠭ᠃ | ᠡᠭᠦᠨ ᠠᠴᠠ ᠭᠠᠳᠠᠨ᠎ᠠ ᠪᠠᠰᠠ ᠡᠮ ᠤᠨ ᠯᠣᠩᠬᠤ ᠶᠢ ᠪᠦᠯᠢᠶᠡᠨ ᠤᠰᠤᠨ ᠳᠤ ᠰᠠᠭᠤᠯᠭᠠᠵᠤ ᠣᠷᠤᠭᠤᠯᠤᠭᠠᠳ | ᠪᠦᠯᠢᠶᠡᠰᠦᠭᠰᠡᠨ ᠬᠤᠶᠢᠨ᠎ᠠ ᠠᠵᠢᠭᠯᠠᠪᠠᠯ᠂ ᠴᠢᠨᠠᠷ ᠬᠤᠪᠢᠷᠠᠭᠰᠠᠨ ᠦᠭᠡᠢ ᠲᠠᠷᠢᠶᠠᠨ ᠡᠮ ᠤᠨ ᠯᠣᠩᠬᠤᠨ ᠳᠠᠬᠢ | ᠲᠤᠨᠤᠳᠡᠰᠤ ᠨᠢ ᠠᠭᠠᠵᠢᠮ ᠢᠶᠠᠷ ᠠᠭᠤᠰᠴᠤ ᠪᠦᠷᠢᠮᠦᠰᠦᠨ ᠦᠭᠡᠢ ᠪᠣᠯᠳᠠᠭ᠃ ᠡᠰᠡᠷᠭᠦ ᠪᠠᠷ ᠲᠣᠰᠤ ᠤᠰᠤ ᠨᠢ | ᠳᠠᠪᠬᠤᠷᠠᠳᠤᠵᠤ᠂ ᠲᠤᠨᠤᠳᠠᠰᠤ ᠭᠠᠷᠪᠠᠯ ᠬᠠᠷᠢᠨ ᠬᠦᠴᠦᠨ ᠦᠭᠡᠢ ᠪᠣᠯᠤᠭᠰᠠᠨ ᠲᠠᠷᠢᠶᠠᠨ ᠡᠮ ᠶᠤᠮ᠃ |