| ᠣᠳᠣᠬᠠᠨ ᠳᠤ ᠲᠠᠷᠢᠶᠠᠯᠠᠩ ᠠᠵᠤ ᠠᠬᠤᠶ ᠶᠢᠨ ᠬᠥᠭᠵᠢᠯᠲᠡ ᠶᠢ ᠳᠠᠭᠠᠯᠳᠤᠨ᠂ ᠪᠤᠷᠳᠤᠭᠤᠷ ᠤᠨ | ᠣᠷᠤᠭᠤᠯᠬᠤ ᠨᠢ ᠤᠯᠠᠮ ᠠᠴᠠ ᠤᠯᠠᠮ ᠲᠠᠷᠢᠮᠠᠯ ᠤᠨ ᠬᠤᠷᠢᠶᠠᠯᠲᠠ ᠶᠢ ᠪᠠᠲᠤᠯᠠᠬᠤ ᠨᠢᠭᠡᠨ ᠴᠢᠬᠤᠯᠠ ᠨᠥᠬᠦᠴᠡᠯ | ᠪᠣᠯᠵᠠᠢ᠂ ᠭᠡᠪᠡᠴᠦ ᠲᠠᠷᠢᠶᠠᠴᠢᠳ ᠤᠨ ᠪᠤᠷᠳᠤᠭᠤᠷ ᠬᠡᠷᠡᠭᠯᠡᠬᠦ ᠬᠡᠮᠵᠢᠶ᠎ᠡ ᠶᠢᠨ ᠨᠡᠮᠡᠭᠳᠡᠬᠦ ᠶᠢ ᠳᠠᠭᠠᠯᠳᠤᠨ ᠪᠣᠷᠳᠤᠭᠤᠷ ᠤᠨ | ᠬᠤᠤᠷ ᠬᠦᠨᠦᠭᠡᠯ ᠤᠨ ᠠᠰᠠᠭᠤᠳᠠᠯ ᠢ ᠠᠪᠴᠢᠷᠠᠭᠰᠠᠨ ᠪᠠᠶᠢᠨ᠎ᠠ᠂ ᠲᠡᠭᠡᠪᠡᠯ ᠪᠢᠳᠡ ᠵᠢᠮᠢᠰ ᠤᠨ ᠮᠣᠳᠤᠨ ᠤ | ᠪᠤᠷᠳᠤᠭᠤᠷ ᠤᠨ ᠬᠤᠤᠷ ᠬᠦᠨᠦᠭᠡᠯ ᠢ ᠰᠢᠢᠳᠪᠦᠷᠢᠯᠡᠬᠦ ᠲᠤᠬᠠᠢ ᠬᠡᠳᠤᠨ ᠠᠷᠭ᠎ᠠ ᠶᠢ ᠰᠤᠷᠤᠯᠴᠠᠶ᠎ᠠ᠂ ᠳᠣᠣᠷᠠᠬᠢ ᠮᠡᠲᠦ᠄ | 1᠂ ᠪᠤᠷᠳᠤᠭᠤᠷ ᠤᠨ ᠲᠦᠷᠦᠯ ᠵᠦᠢᠯ ᠢ ᠵᠦᠢ ᠵᠣᠬᠢᠰᠲᠠᠶ ᠪᠠᠷ ᠰᠣᠩᠭᠤᠨ ᠬᠡᠷᠡᠭᠯᠡᠬᠦ ᠤᠯᠠᠨ ᠨᠠᠰᠤᠲᠤ | ᠵᠢᠮᠢᠰ ᠤᠨ ᠮᠣᠳᠣ ᠨᠢ ᠬᠤᠯᠢᠮᠠᠭ ᠪᠣᠷᠳᠣᠭᠤᠷ᠂ ᠣᠷᠭᠠᠨᠢᠭ ᠪᠤᠷᠳᠤᠭᠤᠷ ᠬᠡᠷᠡᠭᠯᠡᠬᠦ ᠪᠠᠷ ᠭᠤᠤᠯᠯᠠᠵᠤ᠂ ᠬᠢᠮᠢ ᠶᠢᠨ | ᠪᠤᠷᠳᠤᠭᠤᠷ ᠪᠠ ᠣᠷᠭᠠᠨᠢᠭ ᠪᠣᠷᠳᠣᠭᠤᠷ ᠢ ᠬᠤᠯᠢᠵᠤ ᠣᠷᠤᠭᠤᠯᠪᠠᠯ᠂ ᠪᠤᠷᠳᠤᠭᠤᠷ ᠤᠨ ᠬᠤᠣᠷ ᠬᠥᠨᠥᠭᠡᠯ ᠢ | ᠪᠠᠭᠠᠰᠬᠠᠨ᠎ᠠ᠃ ᠠᠳᠠᠯᠢᠬᠠᠨ ᠪᠦᠷ ᠬᠢᠮᠢ ᠶᠢᠨ ᠪᠤᠷᠳᠤᠭᠤᠷ ᠪᠤᠯᠪᠠᠴᠦ ᠾᠯᠣᠷᠲᠤ ᠬᠢᠮᠢ ᠶᠢᠨ ᠪᠤᠷᠳᠤᠭᠤᠷ ᠨᠢ | ᠪᠤᠷᠳᠣᠭᠤᠷ ᠤᠨ ᠬᠦᠨᠦᠭᠡᠯ ᠬᠠᠮᠤᠭ ᠤᠨ ᠠᠮᠠᠷᠬᠠᠨ ᠡᠭᠦᠰᠭᠡᠳᠡᠭ᠃ ᠣᠳᠤᠬᠠᠨ ᠳᠤ ᠵᠠᠬ᠎ᠠ ᠳᠡᠭᠡᠷ᠎ᠡ ᠬᠤᠳᠠᠯᠳᠤᠵᠤ | ᠪᠠᠶᠢᠭ᠎ᠠ ᠪᠤᠷᠳᠤᠭᠤᠷ ᠤᠨ ᠲᠦᠷᠦᠯ ᠵᠦᠢᠯ ᠤᠯᠠᠨ᠂ ᠶᠠᠰᠤ ᠴᠢᠨᠠᠷ ᠨᠢ ᠠᠳᠠᠯᠢ ᠦᠭᠡᠢ᠂ ᠥᠷᠭᠡᠨ ᠤᠯᠠᠨ | ᠲᠠᠷᠢᠶᠠᠴᠢᠳ ᠰᠣᠩᠭᠤᠵᠤ ᠬᠡᠷᠡᠭᠯᠡᠬᠦ ᠳᠡᠭᠡᠨ ᠢᠯᠡᠭᠦᠬᠡᠨ ᠠᠩᠬᠠᠷᠤᠯ ᠳᠠᠭᠠᠨ ᠠᠪᠬᠤ ᠬᠡᠷᠡᠭᠲᠡᠢ᠃ | 2᠂ ᠪᠤᠷᠳᠤᠭᠤᠷ ᠣᠷᠣᠭᠤᠯᠬᠤ ᠠᠷᠭ᠎ᠠ ᠪᠠᠨ ᠬᠠᠯᠠᠨ ᠰᠠᠶᠢᠵᠢᠷᠠᠭᠤᠯᠬᠤ ᠡᠪᠦᠯ ᠬᠠᠪᠤᠷ ᠤᠨ ᠤᠯᠠᠷᠢᠯ ᠳᠤ | ᠮᠣᠳᠣᠨ ᠣᠷᠣᠢ ᠶᠢ ᠬᠦᠷᠢᠶᠡᠯᠡᠭᠰᠡᠨ ᠭᠠᠳᠠᠷ ᠭᠤᠤ ᠳᠠᠭᠠᠤ ᠰᠠᠭᠤᠷᠢ ᠪᠤᠷᠳᠤᠭᠤᠷ ᠣᠷᠤᠭᠤᠯᠤᠨ᠎ᠠ᠂ | ᠭᠤᠤ ᠶᠢᠨ ᠭᠦᠨ᠂ ᠥᠷᠭᠡᠨ ᠨᠢ ᠪᠦᠷ 20 — 30 ᠰᠠᠨᠲ᠋ᠢᠮᠧᠳ᠋ᠷ᠂ ᠪᠣᠷᠳᠣᠭᠤᠷ ᠤᠷᠣᠭᠤᠯᠤᠭᠰᠠᠨ ᠤ ᠳᠠᠷᠠᠭ᠎ᠠ | ᠰᠢᠷᠣᠶ ᠪᠠᠷ ᠳᠠᠷᠤᠵᠤ᠂ ᠰᠢᠨ᠎ᠡ ᠥᠭᠡᠬᠦᠨ ᠬᠦᠴᠢᠯ ᠤᠨ ᠪᠦᠷᠬᠦᠪᠴᠢ ᠶᠢᠨ 800 ᠳᠠᠬᠢᠨ ᠰᠢᠩᠭᠡᠨ ᠪᠡᠶᠡᠲᠦ ᠶᠢ | ᠰᠦᠷᠴᠢᠵᠦ ᠰᠠᠭᠤᠷᠢ ᠪᠤᠷᠳᠤᠭᠤᠷ ᠤᠨ ᠠᠰᠢᠭᠯᠠᠮᠵᠢ ᠶᠢ ᠨᠡᠮᠡᠭᠳᠡᠭᠦᠯᠦᠨ᠎ᠡ᠃ ᠬᠢᠮᠢ ᠶᠢᠨ ᠪᠣᠷᠳᠤᠭᠤᠷ ᠢ ᠨᠡᠮᠡᠨ | ᠣᠷᠣᠭᠤᠯᠬᠤ ᠳᠠᠭᠠᠨ᠂ ᠤᠰᠤᠯᠠᠬᠤ ᠠᠷᠭ᠎ᠠ ᠪᠠᠷ ᠣᠷᠤᠭᠤᠯᠤᠨ᠎ᠠ᠃ ᠡᠰᠡᠬᠦᠯ᠎ᠡ ᠪᠣᠷᠣᠭᠠᠨ ᠤ ᠲᠡᠷᠠᠭ᠎ᠠ ᠬᠥᠷᠥᠰᠥ | ᠰᠢᠷᠣᠶ ᠴᠢᠭᠢᠭᠯᠢᠭ ᠦᠶ᠎ᠡ ᠳᠤ ᠨᠠᠮᠡᠨ ᠣᠷᠣᠭᠤᠯᠣᠨ᠎ᠠ᠃ ᠪᠣᠷᠳᠤᠭᠤᠷ ᠨᠡᠮᠡᠨ ᠣᠷᠣᠭᠤᠯᠬᠤ ᠳᠠᠭᠠᠨ ᠰᠢᠨ᠎ᠡ ᠥᠭᠡᠬᠦᠨ | ᠬᠦᠴᠢᠯ ᠤᠨ ᠪᠦᠷᠬᠦᠪᠴᠢ ᠶᠢᠨ 800 ᠳᠠᠬᠢᠨ ᠰᠢᠩᠭᠡᠨ ᠪᠡᠶᠡᠲᠦ ᠶᠢ ᠰᠦᠷᠴᠢᠵᠦ ᠨᠡᠮᠡᠯᠲᠡ ᠪᠤᠷᠳᠤᠭᠤᠷ ᠤᠨ | ᠠᠰᠢᠭᠯᠠᠮᠵᠢ ᠶᠢ ᠨᠡᠮᠡᠭᠳᠡᠭᠦᠯᠦᠨ᠎ᠡ᠃ | 3᠂ ᠪᠤᠷᠳᠤᠭᠤᠷ ᠬᠡᠷᠡᠭᠯᠡᠬᠦ ᠬᠡᠮᠵᠢᠶ᠎ᠡ ᠶᠢ ᠡᠵᠡᠮᠰᠢᠬᠦ ᠤᠨᠴᠠᠭᠠᠶᠢᠯᠠᠨ ᠠᠽᠣᠲ ᠤᠨ ᠪᠤᠷᠳᠤᠭᠤᠷ ᠢ | ᠬᠡᠷᠡᠭᠯᠡᠬᠦ ᠳᠤ᠂ ᠡᠩ ᠤᠨ ᠰᠠᠭᠤᠷᠢ ᠪᠦᠷᠢ ᠶᠢᠨ ᠵᠢᠮᠢᠰ ᠤᠨ ᠭᠠᠷᠤᠯᠲᠠ ᠨᠢ 50 ᠺᠢᠯᠣᠭ᠍ᠷᠠᠮ ᠤᠨ ᠵᠢᠮᠢᠰ ᠤᠨ | ᠮᠣᠳᠤᠨ ᠳᠤ ᠤᠳᠠᠭ᠎ᠠ ᠪᠦᠷᠢ ᠰᠠᠭᠤᠷᠢ ᠪᠦᠷᠢ ᠳᠤ ᠰᠢᠭᠡᠰᠦᠯᠢᠭ ᠡᠳ᠋ 100 ᠭᠷᠠᠮ ᠠᠴᠠ ᠬᠡᠲᠦᠷᠡᠭᠦᠯᠵᠦ ᠪᠣᠯᠬᠤ | ᠦᠭᠡᠢ᠂ ᠪᠤᠰᠤᠳ ᠠᠽᠣᠲ ᠤᠨ ᠪᠤᠷᠳᠤᠭᠤᠷ ᠨᠢ 250 — 300 ᠭᠷᠠᠮ ᠠᠴᠠ ᠬᠡᠲᠦᠷᠡᠵᠦ ᠪᠣᠯᠬᠤ ᠦᠭᠡᠢ᠃ | ᠨᠢᠯᠬ᠎ᠠ᠂ ᠶᠠᠳᠠᠮᠠᠭ ᠳᠣᠷᠤᠢ ᠵᠢᠮᠢᠰ ᠤᠨ ᠮᠣᠳᠤᠨ ᠳᠤ ᠪᠠᠭ᠎ᠠ ᠬᠡᠮᠵᠢᠶ᠎ᠡ ᠪᠠᠷ ᠣᠯᠠᠨ ᠤᠳᠠᠭ᠎ᠠ ᠪᠤᠷᠳᠤᠭᠤᠷ ᠨᠡᠮᠡᠨ᠎ᠡ᠃ | ᠨᠢᠭᠡᠨᠲᠡ ᠪᠤᠷᠳᠤᠭᠤᠷ ᠤᠨ ᠬᠥᠨᠥᠭᠡᠯ ᠡᠭᠦᠰᠦᠭᠰᠡᠨ ᠪᠠᠶᠢᠳᠠᠯ ᠳᠤ᠂ ᠪᠤᠷᠳᠤᠭᠤᠷ ᠣᠷᠣᠭᠤᠯᠣᠭᠰᠠᠨ ᠬᠡᠰᠡᠭ ᠤᠨ | ᠬᠥᠷᠥᠰᠥ ᠶᠢ ᠤᠬᠤᠵᠤ᠂ ᠴᠡᠪᠡᠷ ᠲᠤᠩᠭᠠᠯᠠᠭ ᠤᠰᠤ ᠪᠠᠷ ᠤᠬᠤᠭᠰᠠᠨ ᠨᠦᠬᠡᠨ ᠳᠠᠬᠢ ᠬᠦᠷᠦᠰᠦ ᠶᠢ ᠤᠰᠤᠯᠠᠬᠤ | ᠮᠡᠲᠦ ᠪᠠᠷ᠂ ᠬᠦᠷᠦᠰᠦᠨ ᠳᠣᠲᠤᠷᠠᠬᠢ ᠪᠣᠷᠳᠣᠭᠤᠷ ᠤᠨ ᠥᠳᠬᠡᠴᠡ ᠶᠢ ᠰᠢᠩᠭᠡᠷᠡᠭᠦᠯᠬᠦ ᠶᠢᠨ ᠬᠠᠮᠲᠦ ᠨᠢᠭᠡᠨᠲᠡ | ᠦᠬᠦᠭᠰᠡᠨ ᠦᠨᠳᠦᠰᠦ ᠶᠢ ᠳᠠᠰᠤᠯᠵᠦ ᠳᠠᠬᠢᠨ ᠰᠢᠨ᠎ᠡ ᠬᠦᠷᠦᠰᠦ ᠨᠡᠮᠡᠨ᠎ᠡ᠂ ᠡᠭᠦᠨ ᠤ ᠬᠠᠮᠲᠤ ᠳᠡᠭᠡᠳᠦ ᠬᠡᠰᠡᠭ ᠤᠨ | ᠬᠤᠪᠠᠭ᠋ᠠᠢ ᠮᠦᠴᠢᠷ ᠢ ᠵᠠᠰᠠᠵᠦ᠂ ᠵᠠᠰᠠᠭᠰᠠᠨ ᠬᠡᠰᠡᠭ ᠲᠤᠨᠢ ᠢᠯᠵᠢᠷᠡᠬᠦ ᠶᠢ ᠰᠡᠷᠭᠡᠶᠢᠯᠡᠬᠦ ᠪᠦᠷᠬᠦᠭᠦᠯ ᠢ ᠪᠦᠷᠬᠦᠵᠦ | ᠰᠢᠷᠬ᠎ᠠ ᠲᠠᠢ ᠬᠡᠰᠡᠭ ᠤᠨ ᠨᠡᠭᠡᠳᠡᠰᠦ ᠶᠢᠨ ᠡᠳᠡᠭᠡᠷᠡᠬᠦ ᠶᠢ ᠬᠠᠮᠠᠭᠠᠯᠠᠨ᠂ ᠡᠪᠡᠳᠴᠢᠨ ᠤ ᠪᠠᠺᠲ᠋ᠧᠷᠢ ᠬᠠᠯᠳᠠᠪᠤᠷᠢᠯᠠᠬᠤ ᠶᠢ | ᠰᠡᠷᠭᠡᠶᠢᠯᠡᠨ᠎ᠡ᠃ ᠡᠭᠦᠨ ᠤ ᠬᠠᠮᠲᠤ ᠪᠦᠬᠦ ᠬᠦᠷᠢᠶᠡᠯᠡᠩ ᠳᠤ ᠨᠡᠶᠢᠳᠡᠮ ᠳᠤᠨᠢ ᠬᠥ᠋ ᠱᠤ᠋ ᠵᠢᠶᠠᠩ ᠵᠢᠶᠦ᠋ᠨ ᠰᠦᠷᠴᠢᠵᠦ | ᠪᠠᠺᠲ᠋ᠧᠷᠢ ᠶᠢ ᠤᠰᠠᠳᠬᠠᠨ ᠠᠷᠢᠭᠤᠳᠬᠠᠵᠦ᠂ ᠡᠪᠡᠳᠴᠢᠨ ᠤ ᠪᠠᠺᠲ᠋ᠧᠷᠢ ᠶᠢ ᠪᠠᠭᠠᠰᠬᠠᠨ᠎ᠠ᠃ | | | | | |