| ᠬᠤᠳᠤᠭᠤᠳᠤᠨ ᠡᠪᠡᠳᠴᠢᠨ ᠠᠴᠠ ᠰᠡᠷᠭᠡᠶᠢᠯᠡᠬᠦ | ᠬᠦᠮᠤᠨ ᠤ ᠪᠡᠶ᠎ᠠ ᠳᠠᠰᠬᠢᠮ᠎ᠠ ᠬᠦᠢᠳᠡᠨ ᠳᠤ ᠰᠡᠳᠥᠭᠳᠡᠪᠠᠯ ᠂ ᠴᠢᠰᠤᠨ ᠳᠠᠬᠢ ᠨᠡᠬᠡᠳᠡᠰᠤᠨ ᠠᠮᠢᠨ ᠨᠡᠮᠡᠭᠳᠡᠵᠤ ᠂ | ᠬᠤᠳᠤᠭᠤᠳᠤᠨ ᠬᠦᠴᠢᠯ ᠤᠨ ᠱᠦᠬᠦᠷᠡᠯᠳᠠ ᠪᠠᠳᠠᠷᠠᠭᠠᠳ ᠂ ᠬᠤᠳᠤᠭᠤᠳᠤ ᠬᠡᠳᠡᠰᠤ ᠵᠠᠭᠤᠷᠠᠬᠤ ᠴᠢᠨᠠᠷ ᠲᠠᠢ ᠠᠭᠰᠢᠵᠤ ᠂ | ᠪᠡᠶ᠎ᠠ ᠶᠢᠨ ᠡᠪᠡᠳᠴᠢᠨ ᠡᠰᠡᠷᠬᠦᠴᠡᠬᠦ ᠴᠢᠳᠠᠪᠤᠷᠢ ᠬᠢᠬᠡᠳ ᠳᠤᠬᠢᠷᠠᠯᠴᠠᠬᠤ ᠴᠢᠨᠠᠷ ᠪᠠᠰᠠ ᠳᠠᠭᠠᠯᠳᠤᠨ ᠳᠤᠷᠤᠭᠰᠢᠯᠠᠳᠠᠭ | ᠪᠤᠯᠬᠤᠷ ᠬᠤᠳᠤᠭᠤᠳᠤᠨ ᠡᠪᠡᠳᠴᠢᠨ ᠲᠠᠢ ᠨᠠᠰᠤᠳᠠᠶᠢᠴᠤᠳ ᠡᠪᠤᠯ ᠤᠨ ᠤᠯᠠᠷᠢᠯ ᠳᠤ ᠬᠠᠭᠤᠴᠢᠨ ᠡᠪᠡᠳᠴᠢᠨ ᠨᠢ | ᠠᠮᠠᠷᠬᠠᠨ ᠬᠦᠳᠡᠯᠵᠤ ᠂ ᠴᠢᠨᠠᠭᠰᠢᠯᠠᠪᠠᠯ ᠬᠤᠳᠤᠭᠤᠳᠤᠨ ᠠᠴᠠ ᠴᠢᠰᠤ ᠭᠠᠷᠬᠤ ᠂ ᠬᠤᠳᠤᠭᠤᠳᠤ ᠨᠦᠬᠡᠳᠤᠨ | ᠴᠤᠭᠤᠷᠠᠬᠤ ᠵᠡᠷᠬᠡ ᠬᠦᠨᠳᠤ ᠨᠤᠴᠢᠳᠠᠢ ᠳᠠᠪᠬᠤᠷᠯᠠᠭᠰᠠᠨ ᠡᠪᠡᠳᠴᠢᠨ ᠢᠯᠡᠷᠡᠨ᠎ᠠ ᠃ ᠡᠶᠢᠮᠤ ᠠᠴᠠ ᠂ ᠡᠪᠤᠯ ᠤᠨ | ᠴᠠᠭ ᠲᠤ ᠨᠠᠰᠤᠳᠠᠶᠢᠴᠤᠳ ᠬᠤᠳᠤᠭᠤᠳᠤᠨ ᠤ ᠳᠤᠯᠠᠭᠠᠨ ᠢ ᠬᠠᠮᠠᠭᠠᠯᠠᠬᠤ ᠶᠢ ᠤᠨᠴᠠᠭᠠᠢ ᠠᠩᠬᠠᠷᠴᠤ ᠂ ᠬᠠᠯᠠᠭᠤᠨ | ᠵᠦᠬᠡᠯᠠᠨ ᠂ ᠬᠠᠷᠠᠰᠤ ᠵᠢᠴᠢ ᠠᠮᠠᠷᠬᠠᠨ ᠰᠢᠩᠬᠡᠬᠡᠬᠦ ᠢᠳᠡᠬᠡᠨ ᠢ ᠢᠳᠡᠬᠦ ᠪᠠᠷ ᠭᠤᠤᠯᠳᠠᠭᠤᠯᠬᠤ ᠮᠦᠷᠳᠡᠬᠡᠨ ᠪᠠᠭ᠎ᠠ | ᠬᠡᠮᠵᠢᠶ᠎ᠠ ᠪᠠᠷ ᠤᠯᠠᠨ ᠤᠳᠠᠭ᠎ᠠ ᠢᠳᠡᠬᠦ ᠂ ᠳᠦᠬᠦᠬᠡᠢ ᠬᠦᠢᠳᠡᠨ ᠢᠳᠡᠬᠡᠨ ᠢ ᠴᠡᠬᠡᠷᠯᠡᠬᠦ ᠂ ᠠᠷᠢᠬᠢ ᠳᠠᠮᠠᠬᠢ ᠪᠠᠨ | ᠵᠤᠭᠰᠤᠬᠤ ᠂ ᠪᠡᠶ᠎ᠠ ᠶᠢᠨ ᠳᠠᠮᠢᠷ ᠤᠨ ᠪᠤᠯᠪᠠᠰᠤᠷᠠᠯᠳᠠ ᠳᠤ ᠢᠳᠡᠪᠬᠢᠳᠠᠢ ᠤᠷᠤᠯᠴᠠᠵᠤ ᠂ ᠬᠤᠳᠤᠭᠤᠳᠤ ᠬᠡᠳᠡᠰᠤᠨ ᠤ | ᠴᠢᠰᠤᠨ ᠤ ᠡᠷᠬᠢᠯᠳᠠ ᠶᠢ ᠰᠠᠶᠢᠵᠢᠷᠠᠭᠤᠯᠤᠨ ᠂ ᠬᠤᠳᠤᠭᠤᠳᠤᠨ ᠡᠪᠡᠳᠴᠢᠨ ᠤ ᠡᠬᠦᠰᠤᠯᠳᠠ ᠶᠢ ᠪᠠᠭᠠᠰᠬᠠᠪᠠᠯ ᠵᠤᠬᠢᠨ᠎ᠠ ᠃ | | | ᠬᠢᠮᠤᠷᠠᠭ᠎ᠠ ᠠᠴᠠ ᠰᠡᠷᠬᠡᠶᠢᠯᠡᠬᠦ | ᠬᠢᠮᠤᠷᠠᠬᠤ ᠪᠤᠯ ᠨᠠᠰᠤᠳᠠᠶᠢᠴᠤᠳ ᠤᠨ ᠡᠪᠤᠯ ᠤᠨ ᠤᠯᠠᠷᠢᠯ ᠳᠤ ᠦᠷᠬᠦᠯᠵᠢ ᠳᠤᠬᠢᠶᠠᠯᠳᠤᠳᠠᠭ ᠡᠪᠡᠳᠴᠢᠨ ᠂ | ᠤᠯᠠᠨᠳᠠ ᠡᠬᠦᠰᠬᠦ ᠡᠪᠡᠳᠴᠢᠨ ᠮᠦᠨ ᠂ ᠳᠤᠰ ᠡᠪᠡᠳᠴᠢᠨ ᠢ ᠬᠡᠯᠡᠬᠦ ᠳᠤ ᠳᠠᠮᠠᠢ ᠶᠡᠭᠡ ᠡᠪᠡᠳᠴᠢᠨ ᠪᠢᠰᠢ ᠪᠤᠯᠪᠠᠴᠤ | ᠴᠠᠭ ᠳᠤᠬᠠᠢ ᠳᠤ ᠨᠢ ᠵᠠᠰᠠᠬᠤ ᠦᠬᠡᠢ ᠪᠤᠯ ᠠᠮᠠᠷᠬᠠᠨ ᠤᠯᠠᠨ ᠵᠦᠢᠯ ᠤᠨ ᠠᠮᠢ ᠨᠠᠰᠤᠨ ᠤ ᠠᠶᠤᠯ ᠲᠠᠢ | ᠳᠠᠪᠬᠤᠷᠯᠠᠭᠰᠠᠨ ᠡᠪᠡᠳᠴᠢᠨ ᠢ ᠡᠬᠦᠰᠬᠡᠨ᠎ᠠ ᠃ ᠵᠢᠱᠢᠶᠡᠯᠡᠪᠡᠯ ᠂ ᠠᠭᠤᠰᠬᠢᠨ ᠦᠷᠪᠢᠰᠤᠯ ᠂ ᠠᠭᠤᠰᠬᠢᠨ ᠠᠴᠠ | ᠪᠤᠯᠤᠭᠰᠠᠨ ᠵᠢᠷᠤᠬᠡᠨ ᠡᠪᠡᠳᠴᠢᠨ ᠂ ᠬᠢᠷᠬᠢᠷ᠎ᠠ ᠵᠢᠴᠢ ᠤᠳᠠᠭᠠᠨ ᠴᠢᠨᠠᠷ ᠲᠠᠢ ᠰᠠᠯᠪᠤᠷᠢ ᠮᠦᠬᠡᠷᠰᠤᠨ ᠬᠤᠭᠤᠯᠠᠢ ᠶᠢᠨ | ᠦᠷᠪᠢᠰᠤᠯ ᠵᠡᠷᠬᠡ ᠡᠪᠡᠳᠴᠢᠨ ᠢ ᠦᠳᠤᠬᠡᠨ ᠡᠬᠦᠰᠬᠡᠨ᠎ᠠ ᠃ ᠡᠶᠢᠮᠤ ᠠᠴᠠ ᠂ ᠡᠪᠤᠯ ᠤᠨ ᠤᠯᠠᠷᠢᠯ ᠳᠤ ᠨᠠᠰᠤᠳᠠᠶᠢᠴᠤᠳ | ᠬᠦᠢᠳᠡᠨ ᠢ ᠳᠡᠰᠪᠤᠷᠢᠯᠠᠬᠦ ᠪᠤᠯᠪᠠᠰᠤᠷᠠᠯᠳᠠ ᠪᠠᠨ ᠠᠩᠬᠠᠷᠤᠨ ᠴᠢᠩᠭᠠᠳᠬᠠᠵᠤ ᠂ ᠢᠳᠡᠵᠤ ᠤᠤᠭᠤᠬᠤ ᠪᠠᠨ | ᠳᠤᠬᠢᠷᠠᠭᠤᠯᠬᠤ ᠬᠡᠷᠡᠭᠳᠡᠢ ᠃ ᠬᠠᠮᠤᠭ ᠰᠠᠶᠢᠨ ᠨᠢ ᠡᠳᠤᠷ ᠪᠦᠷᠢ ᠬᠦᠢᠳᠡᠨ ᠤᠰᠤ ᠪᠠᠷ ᠨᠢᠭᠤᠷ ᠢᠶᠠᠨ ᠤᠬᠢᠶᠠᠨ ᠂ | ᠬᠠᠯᠠᠭᠤᠨ ᠤᠰᠤ ᠪᠠᠷ ᠬᠦᠯ ᠢᠶᠠᠨ ᠤᠬᠢᠶᠠᠵᠤ ᠂ ᠡᠪᠡᠳᠴᠢᠨ ᠡᠰᠡᠷᠬᠦᠴᠡᠬᠦ ᠴᠢᠳᠠᠪᠤᠷᠢ ᠶᠢ ᠨᠡᠮᠡᠭᠳᠡᠬᠦᠯᠵᠤ ᠂ | ᠬᠢᠮᠤᠷᠠᠬᠤ ᠠᠴᠠ ᠰᠡᠷᠬᠡᠶᠢᠯᠡᠬᠦ ᠬᠡᠷᠡᠭᠳᠡᠢ ᠃ | | ᠰᠠ ᠡᠪᠡᠳᠴᠢᠨ ᠠᠴᠠ ᠰᠡᠷᠬᠡᠶᠢᠯᠡᠬᠦ | ᠮᠠᠲ᠋ᠧᠷᠢᠶᠠᠯ ᠳᠤ ᠮᠡᠳᠡᠬᠡᠯᠡᠭᠰᠡᠨ ᠢ ᠦᠨᠳᠤᠰᠤᠯᠠᠪᠠᠯ ᠂ ᠪᠠᠷᠤᠭ 70% ᠶᠢᠨ ᠰᠠ ᠡᠪᠡᠳᠴᠢᠨ ᠳᠤ ᠨᠡᠷᠪᠡᠭᠳᠡᠭᠰᠡᠳ | ᠤᠯᠠᠩᠬᠢ ᠳᠤ ᠪᠠᠨ ᠡᠪᠤᠯ ᠤᠨ ᠴᠠᠭ ᠲᠤ ᠡᠪᠡᠳᠴᠢᠯᠡᠨ᠎ᠠ ᠂ ᠡᠶᠢᠮᠤ ᠠᠴᠠ ᠳᠤᠰᠬᠠᠢ ᠮᠡᠷᠬᠡᠵᠢᠯᠳᠡᠳ ︽ᠡᠪᠤᠯ ᠤᠨ | ᠤᠯᠠᠷᠢᠯ ᠤᠨ ᠮᠡᠳᠡᠷᠡᠯ ᠤᠨ ᠰᠠᠯᠠᠭᠠᠨ ᠤ ᠳᠠᠬᠤᠯ ᠡᠪᠡᠳᠴᠢᠨ ︾ ᠬᠡᠵᠤ ᠬᠡᠯᠡᠳᠡᠭ ᠃ ᠳᠡᠬᠡᠪᠡᠯ ᠡᠪᠤᠯ ᠤᠨ ᠤᠯᠠᠷᠢᠯ ᠳᠤ | ᠰᠠ ᠡᠪᠡᠳᠴᠢᠨ ᠶᠠᠭᠤᠨ ᠳᠤ ᠠᠮᠠᠷᠬᠠᠨ ᠡᠬᠦᠰᠬᠦ ᠪᠤᠢ ︖ ᠡᠬᠦᠨ ᠤ ᠰᠢᠯᠳᠠᠭᠠᠨ ᠨᠢ ᠡᠪᠤᠯ ᠤᠨ ᠤᠯᠠᠷᠢᠯ ᠳᠤ | ᠳᠤᠯᠠᠭᠠᠨ ᠤ ᠬᠡᠮᠵᠢᠶ᠎ᠠ ᠳᠤᠤᠷ᠎ᠠ ᠂ ᠬᠦᠮᠤᠨ ᠤ ᠪᠡᠶ᠎ᠠ ᠬᠦᠢᠳᠡᠨ ᠳᠤ ᠰᠡᠳᠥᠭᠳᠡᠭᠰᠡᠨ ᠤ ᠰᠡᠬᠦᠯᠡᠷ ᠪᠦᠬᠦ ᠪᠡᠶ᠎ᠠ ᠶᠢᠨ | ᠬᠢᠯᠭᠠᠰᠤᠨ ᠴᠢᠰᠤᠨ ᠰᠤᠳᠠᠯ ᠠᠪᠴᠢᠵᠤ ᠂ ᠴᠢᠰᠤᠨ ᠡᠷᠬᠢᠯᠳᠠ ᠶᠢᠨ ᠭᠠᠳᠠᠭᠠᠳᠤ ᠰᠠᠭᠠᠳᠠᠯ ᠶᠡᠬᠡᠰᠴᠤ ᠂ ᠵᠢᠷᠤᠬᠡᠨ ᠤ | ᠵᠡᠬᠦᠨ ᠬᠤᠪᠳᠤᠯ ᠪᠠ ᠳᠠᠷᠢᠬᠢᠨ ᠤ ᠳᠠᠷᠤᠭᠠᠰᠤ ᠬᠦᠨᠳᠤᠷᠡᠵᠤ ᠂ ᠴᠢᠰᠤᠨ ᠳᠠᠷᠤᠯᠳᠠ ᠶᠢ ᠦᠨᠳᠤᠷᠵᠢᠬᠦᠯᠤᠨ ᠂ ᠴᠢᠰᠤᠨ | ᠪᠦᠯᠤᠩ ᠤᠨ ᠪᠦᠷᠢᠯᠳᠤᠯ ᠢ ᠠᠬᠢᠭᠤᠯᠵᠤ ᠂ ᠰᠠ ᠡᠪᠡᠳᠴᠢᠨ ᠢ ᠡᠬᠦᠰᠬᠡᠳᠡᠭ ᠃ ᠰᠠ ᠡᠪᠡᠳᠴᠢᠨ ᠤ ᠡᠪᠡᠳᠴᠢᠯᠡᠬᠦ ᠨᠢ | ᠳᠦᠷᠬᠡᠨ ᠂ ᠬᠦᠭᠵᠢᠯᠳᠠ ᠨᠢ ᠳᠦᠷᠬᠡᠨ ᠂ ᠦᠬᠦᠬᠦ ᠨᠤᠷᠮ᠎ᠠ ᠨᠢ ᠦᠨᠳᠤᠷ ᠪᠤᠯᠬᠤᠷ ᠡᠪᠤᠯ ᠤᠨ ᠤᠯᠠᠷᠢᠯ ᠳᠤ ᠰᠠ | ᠡᠪᠡᠳᠴᠢᠨ ᠠᠴᠠ ᠰᠡᠷᠬᠡᠶᠢᠯᠡᠬᠦ ᠠᠵᠢᠯ ᠢ ᠰᠠᠶᠢᠳᠤᠷ ᠬᠢᠬᠦ ᠬᠡᠷᠡᠭᠳᠡᠢ ᠃ ᠰᠠ ᠡᠪᠡᠳᠴᠢᠨ ᠠᠴᠠ ᠰᠡᠷᠬᠡᠶᠢᠯᠡᠬᠦ ᠳᠤ | ᠤᠷᠢᠳ ᠢᠶᠠᠷ ᠴᠢᠰᠤᠨ ᠳᠠᠷᠤᠯᠳᠠ ᠦᠨᠳᠤᠷ ᠂ ᠵᠢᠷᠤᠬᠡᠨ ᠳᠢᠳᠢᠮ ᠡᠪᠡᠳᠴᠢᠨ᠂ ᠰᠢᠬᠢᠷ ᠰᠢᠵᠢᠩ ᠡᠪᠡᠳᠴᠢᠨ ᠵᠡᠷᠬᠡ | ᠡᠪᠡᠳᠴᠢᠨ ᠤ ᠵᠠᠰᠠᠯᠭ᠎ᠠ ᠶᠢ ᠰᠠᠶᠢᠳᠤᠷ ᠬᠢᠬᠦ ᠬᠡᠷᠡᠭᠳᠡᠢ ᠃ ᠳᠠᠷᠠᠭ᠎ᠠ ᠳᠤ ᠨᠢ ᠤᠷᠢᠳᠴᠢᠯᠠᠭᠰᠠᠨ ᠰᠢᠨᠵᠢ ᠳᠡᠮᠳᠡᠭ ᠢ | ᠠᠩᠬᠠᠷᠬᠤ ᠬᠡᠷᠡᠭᠳᠡᠢ ᠃ ᠵᠢᠱᠢᠶᠡᠯᠡᠪᠡᠯ ᠂ ᠬᠡᠨᠡᠳᠳᠠ ᠳᠤᠯᠤᠭᠠᠢ ᠡᠷᠬᠢᠬᠦ ᠂ ᠳᠤᠯᠤᠭᠠᠢ ᠡᠪᠡᠳᠬᠦ ᠂ ᠬᠠᠷᠠᠭ᠎ᠠ ᠪᠠᠯᠠᠷᠠᠬᠤ ᠂ | ᠪᠡᠶ᠎ᠠ ᠮᠦᠴᠢ ᠮᠢᠨᠴᠤᠭᠦᠷᠡᠬᠦ ᠵᠡᠷᠬᠡ ᠪᠠᠶᠢᠳᠠᠯ ᠢᠯᠡᠷᠡᠪᠠᠯ ᠂ ᠳᠦᠷᠬᠡᠨ ᠡᠮᠨᠡᠯᠬᠡ ᠳᠤ ᠬᠦᠷᠬᠡᠵᠤ ᠡᠮᠨᠡᠬᠦᠯᠬᠦ ᠬᠡᠷᠡᠭᠳᠡᠢ ᠃ | | ᠵᠢᠷᠤᠬᠡᠨ ᠪᠤᠯᠴᠢᠩ ᠤᠨ ᠳᠦᠭᠵᠢᠷᠠᠯ ᠠᠴᠠ ᠰᠡᠷᠬᠡᠶᠢᠯᠡᠬᠦ | ᠡᠪᠤᠯ ᠤᠨ ᠤᠯᠠᠷᠢᠯ ᠪᠤᠯ ᠵᠢᠷᠤᠬᠡᠨ ᠪᠤᠯᠴᠢᠩ ᠤᠨ ᠳᠦᠭᠵᠢᠷᠠᠯ ᠡᠬᠦᠰᠬᠦ ᠤᠷᠬᠢᠯ ᠪᠤᠯᠤᠨ᠎ᠠ ᠂ ᠡᠬᠦᠨ ᠤ | ᠤᠴᠢᠷ ᠨᠢ ᠬᠦᠮᠤᠨ ᠤ ᠪᠡᠶ᠎ᠠ ᠬᠦᠢᠳᠡᠨ ᠳᠤ ᠰᠡᠳᠥᠭᠳᠡᠭᠰᠡᠨ ᠤ ᠰᠡᠬᠦᠯᠡᠷ ᠴᠢᠰᠤᠨ ᠰᠤᠳᠠᠯ ᠠᠪᠴᠢᠵᠤ ᠂ ᠴᠢᠰᠤᠨ ᠳᠠᠬᠢ | ᠰᠢᠷᠬᠡᠭᠳᠤ ᠤᠭᠤᠷᠠᠭ ᠨᠡᠮᠡᠭᠳᠡᠨ ᠂ ᠴᠢᠰᠤᠨ ᠤ ᠨᠢᠯᠳᠠᠭ ᠤᠨ ᠬᠡᠮᠵᠢᠶ᠎ᠠ ᠨᠡᠮᠡᠭᠳᠡᠨ ᠂ ᠠᠮᠠᠷᠬᠠᠨ ᠴᠢᠰᠤᠨ ᠪᠦᠯᠤᠩ | ᠪᠦᠷᠢᠯᠳᠤᠵᠤ ᠂ ᠵᠢᠷᠤᠬᠡᠨ ᠪᠤᠯᠴᠢᠩ ᠳᠤ ᠴᠢᠰᠤ ᠪᠠ ᠬᠦᠴᠢᠯᠳᠦ᠋ᠷᠦᠭᠴᠢ ᠳᠤᠳᠠᠭᠳᠠᠵᠤ ᠂ ᠵᠢᠷᠤᠬᠡ ᠪᠠᠵᠠᠯᠠᠨ | ᠡᠪᠡᠳᠤᠨ᠎ᠠ ᠂ ᠬᠦᠨᠳᠤᠷᠠᠪᠠᠯ ᠵᠢᠷᠤᠬᠡᠨ ᠪᠤᠯᠴᠢᠩ ᠤᠨ ᠳᠦᠭᠵᠢᠷᠠᠯ ᠢ ᠡᠬᠦᠰᠬᠡᠨ᠎ᠠ ᠃ ᠡᠶᠢᠮᠤ ᠠᠴᠠ ᠨᠠᠰᠤᠳᠠᠶᠢᠴᠤᠳ | ᠡᠪᠤᠯ ᠤᠨ ᠤᠯᠠᠷᠢᠯ ᠳᠤ ᠬᠡᠷ ᠤᠨ ᠭᠠᠳᠠᠨᠠᠬᠢ ᠬᠦᠳᠡᠯᠬᠡᠬᠡᠨ ᠢᠶᠠᠨ ᠨᠡᠮᠡᠭᠳᠡᠬᠦᠯᠤᠨ ᠂ ᠬᠦᠢᠳᠡᠨ ᠠᠴᠠ ᠰᠡᠷᠬᠡᠶᠢᠯᠡᠬᠦ ᠂ | ᠳᠤᠯᠠᠭᠠᠨ ᠢ ᠬᠠᠮᠠᠭᠠᠯᠠᠬᠤ ᠶᠢ ᠬᠦᠨᠳᠤᠳᠬᠡᠨᠠ ᠃ ᠬᠡᠷ ᠳᠤᠳᠤᠷᠠᠬᠢ ᠳᠤᠯᠠᠭᠠᠨ ᠢ ᠬᠠᠮᠤᠭ ᠰᠠᠶᠢᠨ ᠨᠢ 15 ~ 18 | ᠭᠷᠠᠳᠦ᠋ᠰ ᠲᠤ ᠬᠢᠵᠠᠭᠠᠷᠯᠠᠵᠤ ᠂ ᠬᠦᠢᠳᠡᠨ ᠠᠴᠠ ᠪᠤᠯᠵᠤ ᠰᠢᠨ᠎ᠠ ᠡᠪᠡᠳᠴᠢᠨ ᠤᠯᠬᠤ ᠠᠴᠠ ᠰᠡᠷᠬᠡᠶᠢᠯᠡᠬᠦ ᠬᠡᠷᠡᠭᠳᠡᠢ ᠃ | ᠪᠠᠰᠠ ᠡᠮᠴᠢ ᠶᠢᠨ ᠵᠢᠯᠤᠭᠤᠳᠤᠯᠭ᠎ᠠ ᠳᠤᠤᠷ᠎ᠠ ᠂ ᠦᠬᠡᠬᠦ ᠶᠢ ᠪᠠᠭᠤᠷᠠᠭᠤᠯᠬᠤ ᠂ ᠴᠢᠰᠤᠨ ᠰᠤᠳᠠᠯ ᠢ ᠳᠡᠯᠡᠬᠦ ᠪᠠ ᠵᠢᠷᠤᠬᠡᠨ | ᠪᠤᠯᠴᠢᠩ ᠳᠤ ᠴᠢᠰᠤ ᠳᠤᠳᠠᠬᠤ ᠪᠠ ᠬᠦᠴᠢᠯᠳᠦ᠋ᠷᠦᠭᠴᠢ ᠳᠤᠳᠠᠬᠤ ᠶᠢ ᠰᠡᠷᠬᠡᠶᠢᠯᠡᠬᠦ ᠡᠮ ᠤᠤᠭᠤᠨ᠎ᠠ ᠃ | | ᠵᠢᠷᠪᠢᠬᠢᠨᠠᠨ ᠵᠠᠭᠠᠳᠤᠨᠠᠬᠤ ᠠᠴᠠ ᠰᠡᠷᠬᠡᠶᠢᠯᠡᠬᠦ | ᠨᠠᠰᠤᠳᠠᠶᠢᠴᠤᠳ ᠤᠨ ᠠᠷᠠᠰᠤ ᠳᠤᠷᠦ᠋ᠢᠳᠠᠬᠤ ᠴᠢᠨᠠᠷ ᠲᠠᠢ ᠠᠪᠴᠢᠨ ᠂ ᠠᠷᠠᠰᠤᠨ ᠨᠦᠮᠵᠦᠭ ᠤᠨ | ᠪᠤᠯᠴᠢᠷᠬᠠᠢ ᠶᠢᠨ ᠠᠵᠢᠯᠯᠠᠭ᠎ᠠ ᠳᠤᠷᠦ᠋ᠢᠳᠠᠵᠤ ᠂ ᠬᠦᠢᠳᠡᠨ ᠪᠦᠬᠡᠳ ᠬᠠᠭᠤᠷᠠᠢ ᠠᠭᠤᠷ ᠠᠮᠢᠰᠬᠤᠯ ᠳᠤᠬᠢᠶᠠᠯᠳᠤᠪᠠᠯ | ᠠᠮᠠᠷᠬᠠᠨ ᠪᠡᠶ᠎ᠠ ᠵᠢᠷᠪᠢᠬᠢᠨᠠᠨ ᠵᠠᠭᠠᠳᠤᠨᠠᠳᠠᠭ ᠃ ᠳᠤᠰ ᠡᠪᠡᠳᠴᠢᠨ ᠦᠷᠬᠦᠯᠵᠢ ᠰᠦᠨᠢ ᠳᠤᠮᠳᠠ ᠬᠦᠨᠳᠤᠷᠠᠵᠤ ᠂ | ᠠᠮᠠᠷᠬᠠᠨ ᠤᠨᠳᠠᠭᠤᠯᠬᠤ ᠦᠬᠡᠢ ᠪᠠᠶᠢᠳᠠᠭ ᠃ ᠡᠶᠢᠮᠤ ᠠᠴᠠ ᠡᠪᠤᠯ ᠤᠨ ᠬᠦᠢᠳᠡᠨ ᠳᠤ ᠨᠠᠰᠤᠳᠠᠶᠢᠴᠤᠳ ᠢᠳᠡᠵᠤ | ᠤᠤᠭᠤᠬᠤ ᠪᠠᠨ ᠳᠤᠬᠢᠳᠠᠢ ᠳᠡᠩᠨᠡᠬᠦᠯᠵᠤ ᠂ ᠰᠢᠨ᠎ᠠ ᠰᠤᠷᠭᠤᠭ ᠨᠤᠭᠤᠭ᠎ᠠ ᠂ ᠵᠢᠮᠢᠰ ᠪᠠ ᠪᠤᠷᠴᠠᠭ ᠤᠨ ᠢᠳᠡᠬᠡᠨ ᠢ | ᠢᠯᠡᠬᠦᠬᠡᠨ ᠢᠳᠡᠵᠤ ᠂ ᠯᠠᠵᠤᠤ ᠂ ᠰᠠᠷᠢᠮᠰᠠᠭ ᠵᠡᠷᠬᠡ ᠰᠡᠳᠤᠯᠳᠠ ᠶᠡᠭᠡ ᠲᠠᠢ ᠢᠳᠡᠬᠡᠨ ᠢ ᠴᠡᠬᠡᠷᠯᠡᠬᠦ ᠬᠡᠷᠡᠭᠳᠡᠢ ᠃ ᠪᠠᠰᠠ | ᠵᠠᠭᠠᠳᠤᠨᠠᠬᠤ ᠶᠢ ᠵᠠᠰᠠᠬᠤ ᠤᠢᠢᠯᠡᠳᠤᠯ ᠲᠠᠢ ᠬᠢᠳᠡᠳ ᠡᠮ ᠂ ᠵᠢᠱᠢᠶᠡᠯᠡᠪᠡᠯ ᠬᠠᠷ᠎ᠠ ᠮᠠᠭᠠᠵᠢ ᠂ ᠬᠤᠷᠤᠭᠤᠪᠴᠢᠨ ᠴᠡᠴᠡᠭ | 6 ᠶᠢᠨ ᠦᠷᠢᠯ ᠵᠢᠴᠢ ᠴᠢᠨ᠋ᠸ᠎ᠠ ᠬᠠᠷᠢᠮᠠᠭ ᠬᠤᠷᠤᠭᠤᠪᠴᠢᠨ ᠴᠡᠴᠡᠭ ᠵᠡᠷᠬᠡ ᠪᠠᠷ ᠵᠠᠰᠠᠵᠤ ᠪᠤᠯᠤᠨ᠎ᠠ ᠃ | | | | |