| | ᠮᠣᠩᠭᠤᠯ ᠨᠣᠳᠤᠭ ᠲᠤ ᠲᠤᠩ ᠣᠯᠠᠨ ᠣᠪᠣᠭ᠎ᠠ ᠪᠠᠶᠢᠳᠠᠭ᠃ ᠣᠪᠣᠭ᠎ᠠ ᠪᠣᠯ ᠮᠣᠩᠭᠤᠯᠴᠤᠳ ᠤᠨ ᠨᠢᠭᠡᠨ | ᠰᠢᠳᠦᠭᠡᠨ ᠪᠠᠶᠢᠵᠦ᠂ ᠲᠡᠭᠦᠨ ᠳᠤ ᠲᠤᠰ ᠨᠤᠲᠤᠭ ᠤᠨ ᠭᠠᠵᠠᠷ ᠣᠰᠣᠨ ᠤ ᠡᠵᠡᠳ ᠰᠠᠬᠢᠭᠤᠰᠤ ᠣᠷᠣᠰᠢᠳᠠᠭ | ᠭᠡᠯᠴᠡᠨ᠎ᠡ᠂ ᠲᠡᠷᠡ ᠨᠢ ᠲᠤᠰ ᠨᠤᠲᠤᠭ ᠤᠨ ᠬᠦᠮᠦᠨ ᠠᠷᠠᠳ ᠢ ᠦᠷᠦᠰᠢᠶᠡᠨ ᠢᠪᠡᠭᠡᠳᠡᠭ ᠭᠡᠵᠦ ᠦᠵᠡᠳᠡᠭ᠃ | ᠡᠷᠳᠡᠨ ᠤ ᠮᠣᠩᠭᠤᠯᠴᠤᠳ ᠲᠡᠭᠷᠢ ᠶᠢᠨ ᠣᠪᠣᠭ᠎ᠠ᠂ ᠭᠠᠵᠠᠷ ᠤᠨ ᠣᠪᠣᠭ᠎ᠠ᠂ ᠬᠦᠮᠦᠨ ᠤ ᠣᠪᠣᠭ᠎ᠠ ᠭᠡᠮᠡᠨ | ᠰᠢᠳᠦᠵᠦ ᠪᠠᠶᠢᠭᠰᠠᠨ᠃ ᠣᠪᠣᠭ᠎ᠠ ᠶᠢ ᠠᠯᠳᠠᠨ ᠣᠪᠣᠭ᠎ᠠ᠂ ᠰᠦᠯᠳᠡ ᠣᠪᠣᠭ᠎ᠠ᠂ ᠵᠠᠮ ᠤᠨ ᠣᠪᠣᠭ᠎ᠠ᠂ ᠪᠤᠯᠠᠭ ᠤᠨ | ᠣᠪᠣᠭ᠎ᠠ᠂ ᠷᠠᠰᠢᠶᠠᠨ ᠣᠪᠣᠭ᠎ᠠ᠂ ᠲᠠᠯ᠎ᠠ ᠶᠢᠨ ᠣᠪᠣᠭ᠎ᠠ᠂ ᠲᠤᠷᠠᠰᠬᠠᠯ ᠤᠨ ᠣᠪᠣᠭ᠎ᠠ᠂ ᠬᠢᠯᠢ ᠶᠢᠨ ᠵᠠᠭᠠᠭ ᠤᠨ | ᠣᠪᠣᠭ᠎ᠠ ᠵᠡᠷᠭᠡ ᠲᠦᠷᠦᠯ ᠵᠦᠢᠯ ᠳᠤ ᠬᠤᠪᠢᠶᠠᠳᠠᠭ᠃ | ᠣᠪᠣᠭ᠎ᠠ ᠶᠢ ᠭᠤᠣᠯᠳᠠᠭᠤ ᠲᠠᠪᠤᠨ ᠡᠷᠳᠡᠨᠢ ᠶᠢᠨ ᠵᠦᠢᠯ ᠢᠶᠠᠷ ᠪᠤᠮ ᠲᠠᠷᠤᠵᠤ ᠴᠢᠯᠠᠭᠤ᠂ ᠮᠤᠳᠤ᠂ ᠪᠤᠷᠭᠠᠰᠤ᠂ | ᠰᠢᠷᠤᠢ ᠰᠢᠪᠠᠷ ᠢᠶᠠᠷ ᠪᠤᠰᠬᠠᠳᠠᠭ᠃ ᠠᠯᠳᠠᠨ ᠣᠪᠣᠭ᠎ᠠ ᠳᠤ ᠪᠣᠯ ᠣᠪᠣᠭ᠎ᠠ ᠶᠢᠨ ᠲᠥᠪ ᠲᠤᠮᠳᠠ ᠰᠦᠯᠳᠡ ᠰᠢᠳᠦᠭᠡᠨ | ᠳᠤᠭ ᠮᠤᠳᠤ ᠶᠢ ᠪᠤᠯᠠᠵᠤ ᠲᠠᠯᠪᠢᠨ᠎ᠠ᠃ | ᠣᠪᠣᠭ᠎ᠠ ᠲᠠᠬᠢᠯᠭ᠎ᠠ ᠶᠢᠨ ᠶᠤᠰᠤ ᠪᠠ ᠲᠠᠬᠢᠬᠤ ᠴᠠᠭ ᠢ ᠴᠦ ᠭᠠᠵᠠᠷ ᠭᠠᠵᠠᠷ ᠠᠳᠠᠯᠢ ᠦᠬᠡᠢ ᠶᠤᠮ᠂ ᠵᠣᠩᠬᠢᠯᠠᠬᠤ | ᠤᠯᠠᠨ ᠭᠠᠨᠵᠷ ᠲᠤ ᠣᠪᠣᠭ᠎ᠠ ᠪᠠᠨ ᠵᠤᠨ ᠪᠣᠶᠣ ᠨᠠᠮᠤᠷ ᠤᠨ ᠴᠠᠭ ᠲᠤ ᠦᠷᠯᠦᠭᠡ ᠡᠷᠲᠡ ᠲᠠᠬᠢᠳᠠᠭ᠃ | ᠣᠪᠣᠭᠠᠨ ᠤ ᠲᠠᠬᠢᠯᠭ᠎ᠠ ᠶᠢᠨ ᠡᠳᠦᠷ᠂ ᠣᠪᠣᠭ᠎ᠠ ᠳᠤ ᠬᠠᠳᠠ ᠴᠢᠯᠠᠭᠤ ᠨᠡᠮᠡᠵᠦ᠂ ᠤᠷᠤᠢ ᠳᠤ ᠨᠢ ᠪᠤᠷᠭᠠᠰᠤ | ᠪᠤᠲᠠ ᠪᠤᠰᠬᠠᠵᠦ᠂ ᠣᠪᠣᠭ᠎ᠠ ᠪᠠᠨ ᠵᠠᠰᠠᠨ ᠴᠢᠮᠡᠨ᠎ᠡ᠃ ᠣᠪᠣᠭᠠᠨ ᠤ ᠡᠮᠦᠨ᠎ᠡ ᠲᠠᠪᠴᠠᠩ ᠲᠡᠭᠡᠷ᠎ᠡ ᠲᠠᠬᠢᠯᠭ᠎ᠠ ᠶᠢᠨ | ᠰᠢᠬᠦᠰᠦ᠂ ᠢᠳᠡᠭᠡᠨ ᠦᠷᠦᠵᠦ᠂ ᠠᠷᠴᠠ ᠬᠦᠵᠢ ᠶᠢᠨ ᠰᠠᠩ ᠲᠠᠯᠪᠢᠵᠦ᠂ ᠣᠪᠣᠭᠠᠨ ᠲᠠᠬᠢᠯᠭ᠎ᠠ ᠶᠢᠨ ᠰᠠᠩ ᠢ | ᠤᠩᠰᠢᠵᠦ᠂ ᠣᠪᠣᠭᠠᠨ ᠤ ᠲᠠᠭᠠᠳᠬᠠᠯ ᠬᠢᠵᠦ ᠮᠦᠷᠬᠦᠨ᠎ᠡ᠃ | ᠰᠦ ᠰᠠᠷᠬᠤᠳ᠂ ᠴᠠᠢ ᠪᠠᠨ ᠰᠠᠴᠤᠯᠢ ᠡᠷᠬᠦᠵᠦ᠂ ᠲᠠᠬᠢᠯᠭ᠎ᠠ ᠶᠢᠨ ᠰᠠᠴᠤᠯᠢ ᠶᠢᠨ ᠥᠴᠢᠭ ᠢ ᠤᠩᠰᠢᠨ᠎ᠠ᠃ | ᠣᠪᠣᠭ᠎ᠠ ᠶᠢ ᠶᠠᠮᠠᠷ ᠬᠦᠮᠦᠨ᠂ ᠶᠠᠮᠠᠷ ᠣᠪᠣᠭ ᠤᠭᠰᠠᠭᠠᠲᠠᠨ ᠪᠤᠰᠬᠠᠭᠰᠠᠨ ᠪᠣᠯ ᠲᠡᠷᠡ ᠬᠦᠮᠦᠨ ᠡᠷᠬᠢᠯᠡᠨ ᠬᠢᠳᠡᠭ | ᠶᠣᠰᠣ ᠲᠠᠢ᠃ ᠣᠪᠣᠭᠠᠨ ᠤ ᠨᠠᠶᠢᠷ ᠢ ᠡᠷᠡᠭᠳᠡᠢ ᠬᠦᠮᠦᠨ ᠡᠷᠬᠢᠯᠡᠨ ᠬᠦᠢᠴᠡᠳᠭᠡᠨ᠎ᠡ ᠂ ᠲᠠᠷᠠᠭ᠎ᠠ ᠨᠢ ᠡᠷ᠎ᠡ ᠶᠢᠨ | ᠭᠤᠷᠪᠠᠨ ᠨᠠᠭᠠᠳᠤᠮ ᠪᠣᠯᠵᠣ᠂ ᠮᠦᠷᠦᠶᠢᠴᠡᠭᠡᠨ ᠤ ᠱᠠᠩᠨᠠᠯ ᠣᠯᠭᠤᠨ᠎ᠠ᠃ ᠤᠯᠠᠨ ᠢᠶᠠᠷ ᠢᠶᠠᠨ ᠣᠪᠣᠭ᠎ᠠ ᠶᠢᠨ | ᠲᠠᠬᠢᠯᠭ᠎ᠠ ᠶᠢᠨ ᠢᠳᠡᠭᠡᠨ ᠢᠶᠠᠨ ᠡᠷᠬᠦᠵᠦ ᠢᠷᠡᠬᠦ ᠵᠢᠯ ᠤᠨ ᠮᠠᠯ᠂ ᠲᠠᠷᠢᠶᠠᠨ ᠤ ᠡᠯᠪᠡᠭ ᠬᠤᠷᠢᠶᠠᠯᠲᠠ᠂ ᠪᠤᠶᠠᠨ ᠭᠡᠰᠢᠭ᠂ | ᠮᠣᠩᠭᠤᠯ ᠨᠤᠲᠤᠭ ᠤᠨ ᠡᠩᠬᠡ ᠠᠮᠤᠭᠤᠯᠠᠩ ᠢ ᠬᠦᠰᠡᠨ ᠢᠷᠦᠭᠡᠵᠦ ᠳᠠᠯᠠᠯᠳᠠᠭ᠃ ᠢᠩᠬᠢᠪᠡᠯ ᠤᠯᠠᠨ ᠢᠶᠠᠷ ᠢᠶᠠᠨ | ᠲᠠᠬᠢᠯᠭ᠎ᠠ ᠶᠢᠨ ᠭᠡᠰᠢᠭ ᠤᠨ ᠮᠢᠬ᠎ᠠ ᠪᠤᠭᠤᠷᠰᠤᠭ ᠢᠶᠠᠨ ᠬᠤᠪᠢᠶᠠᠨ ᠢᠳᠡᠬᠦ ᠪᠣᠶᠣ ᠠᠶᠢᠯ ᠤᠯᠠᠨ ᠳᠤ ᠪᠠᠨ ᠣᠪᠣᠭᠠᠨ ᠤ | ᠭᠡᠰᠢᠭ ᠢ ᠲᠦᠭᠡᠭᠡᠵᠦ ᠦᠭᠳᠡᠭ᠃ | | | | |