ᠡᠬᠡ ᠨᠤᠲᠤᠭ ᠳᠠᠭᠠᠨ ᠬᠠᠶᠢᠷᠠᠲᠠᠢ ᠪᠢ
ᠨᠡᠶᠢᠲᠡᠯᠡᠭᠰᠡᠨ ᠴᠠᠭ᠄
2020/8/23
 ᠡᠬᠡ ᠨᠤᠲᠤᠭ ᠳᠠᠭᠠᠨ ᠬᠠᠶᠢᠷᠠᠲᠠᠢ ᠪᠢ                                        ᠭᠠᠯᠳᠠᠳ᠂ ᠭᠤᠷᠪᠠ ᠬᠤᠯᠠ ᠶᠢᠨ ᠭᠤᠪᠢ ᠳᠤ ᠵᠠᠮᠬᠠᠷᠠᠨ ᠣᠳᠬᠤ ᠬᠤᠮ ᠲᠠᠷᠤᠭᠰᠠᠨ ᠲᠡᠮᠡᠭᠡᠳ ᠳᠡᠭᠡᠨ ᠬᠠᠶᠢᠷᠠᠲᠠᠢ ᠪᠢ ᠬᠤᠲᠠᠯᠠ ᠤᠯᠠᠨ ᠢᠶᠠᠨ ᠪᠠᠶᠠᠰᠬᠠᠨ ᠬᠦᠭᠡᠷᠡᠭᠦᠯᠬᠦ ᠬᠤᠭᠤᠷ ᠤᠨ ᠦᠯᠢᠭᠡᠷ ᠳᠡᠭᠡᠨ ᠬᠠᠶᠢᠷᠠᠲᠠᠢ ᠪᠢ ᠴᠠᠰᠤ ᠶᠢ ᠤᠶᠠᠰᠬᠠᠨ ᠮᠦᠰᠢᠶᠡᠨ ᠲᠡᠯᠭᠡᠷᠡᠳᠡᠭ ᠴᠠᠬᠢᠯᠳᠠᠭ ᠤᠨ ᠴᠡᠴᠡᠭ ᠳᠡᠭᠡᠨ ᠬᠠᠶᠢᠷᠠᠲᠠᠢ ᠪᠢ ᠴᠠᠭᠠᠨ ᠢᠳᠡᠭᠡ ᠪᠠᠨ ᠲᠡᠭᠡᠳᠦᠯᠦᠨ ᠡᠷᠭᠦᠳᠡᠭ ᠴᠠᠶᠢᠯᠭᠠᠨ ᠴᠠᠭᠠᠪᠤᠷ ᠮᠠᠯᠴᠢᠳ ᠳᠠᠭᠠᠨ ᠬᠠᠶᠢᠷᠠᠲᠠᠢ ᠪᠢ ᠮᠦᠡᠭᠭᠦᠨ ᠵᠡᠷᠭᠡᠯᠭᠡᠨ ᠴᠠᠶᠢᠯᠵᠠᠨ ᠲᠠᠲᠠᠳᠠᠭ ᠮᠦᠯᠢᠬᠡᠷ ᠡᠯᠡᠰᠦᠨ ᠳᠡᠭᠡᠨ ᠬᠠᠶᠢᠷᠠᠲᠠᠢ ᠪᠢ ᠮᠦᠡᠭᠭᠦ ᠱᠢᠷᠦ ᠪᠠᠷ ᠴᠢᠮᠡᠨ ᠮᠤᠷᠲᠠᠳᠠᠭ ᠮᠦᠮᠦ ᠶᠢᠨ ᠦᠬᠢᠳ ᠲᠡᠭᠡᠨ ᠬᠠᠶᠢᠷᠠᠲᠠᠢ ᠪᠢ ᠲᠤᠨᠤᠷᠠᠨ ᠴᠠᠶᠢᠯᠵᠠᠨ ᠪᠢᠯᠬᠠᠷᠠᠳᠠᠭ ᠲᠤᠯᠢᠨ ᠨᠠᠭᠤᠷ ᠳᠠᠭᠠᠨ ᠬᠠᠶᠢᠷᠠᠲᠠᠢ ᠪᠢ ᠲᠤᠬᠤᠢ ᠰᠤᠷ ᠢᠶᠠᠷ ᠲᠤᠱᠠ ᠮᠦᠰᠭᠢᠳᠠᠭ ᠲᠤᠮᠤᠭᠠᠲᠠᠨ ᠡᠪᠦᠭᠡᠳ ᠳᠡᠭᠡᠨ ᠬᠠᠶᠢᠷᠠᠲᠠᠢ ᠪᠢ ᠰᠢᠬᠦᠲᠡᠷᠢ ᠰᠤᠴᠢᠭᠠᠨ ᠠᠲᠤᠭᠤᠨ ᠳᠠᠭᠠᠨ ᠮᠤᠷᠲᠠᠳᠠᠭ ᠰᠢᠷᠪᠤᠰᠦ ᠴᠢᠩᠭ᠎ᠠ ᠠᠳᠤᠭᠤᠴᠢᠨ ᠳᠠᠭᠠᠨ ᠬᠠᠶᠢᠷᠠᠲᠠᠢ ᠪᠢ ᠰᠢᠯ ᠪᠤᠯᠤᠷ ᠰᠢᠭ᠋ ᠴᠡᠮᠴᠡᠭᠡᠷ ᠲᠤᠩᠭᠠᠯᠠᠭ ᠰᠢᠳᠢᠲᠤ ᠲᠡᠭᠷᠢ ᠳᠡᠭᠡᠨ ᠬᠠᠶᠢᠷᠠᠲᠠᠢ ᠪᠢ ᠠᠷᠭᠠᠯ ᠤᠨ ᠭᠠᠯ ᠳᠤ ᠲᠠᠷᠭᠢᠲᠠᠯ᠎ᠠ ᠪᠤᠴᠠᠯᠬᠤ ᠠᠭᠠᠭ ᠲᠠᠢ ᠰᠢᠷᠭᠠᠯ ᠴᠠᠢ ᠳᠠᠭᠠᠨ ᠬᠠᠶᠢᠷᠠᠲᠠᠢ ᠪᠢ ᠠᠲᠠᠷ ᠤᠨ ᠬᠦᠷᠦᠰᠦ ᠶᠢ ᠵᠤᠯᠭᠠᠭᠠᠳ ᠲᠠᠪᠭᠢᠲᠠᠭ ᠠᠳᠤᠭᠤᠨ ᠰᠦᠷᠦᠭ ᠳᠡᠭᠡᠨ ᠬᠠᠶᠢᠷᠠᠲᠠᠢ ᠪᠢ ᠦᠷ ᠤᠨ ᠪᠤᠯᠵᠤᠮᠦᠷ ᠲᠠᠢ ᠤᠷᠤᠯᠲᠤᠨ ᠪᠤᠰᠳᠠᠭ ᠦᠲᠡᠯᠦᠭᠡ ᠡᠵᠢ ᠳᠡᠭᠡᠨ ᠬᠠᠶᠢᠷᠠᠲᠠᠢ ᠪᠢ ᠦᠪᠴᠢ ᠪᠡᠶ᠎ᠡ ᠶᠢ ᠵᠡᠪᠰᠡᠭᠯᠡᠨ ᠤᠬᠠᠷᠠᠭᠤᠯᠳᠠᠭ ᠦᠨᠲᠤᠰᠦᠲᠡᠨ ᠤ ᠰᠤᠶᠤᠯ ᠳᠠᠭᠠᠨ ᠬᠠᠶᠢᠷᠠᠲᠠᠢ ᠪᠢ ᠲᠤᠭᠤᠨᠤ ᠶᠢ ᠪᠦᠷᠭᠦᠨ ᠠᠨᠢᠪᠴᠢᠨ ᠬᠡᠷᠡᠯᠳᠦᠳᠡᠭ ᠲᠤᠭ᠎ᠠ ᠦᠭᠡᠢ ᠤᠯᠠᠨ ᠤᠲᠤᠳ ᠳᠠᠭᠠᠨ ᠬᠠᠶᠢᠷᠠᠲᠠᠢ ᠪᠢ ᠲᠤᠮᠵᠢᠶ᠎ᠠ ᠦᠭᠡᠢ ᠲᠡᠨᠢᠭᠡᠷ ᠠᠭᠤᠳᠠᠮ ᠲᠤᠷᠭᠠᠨ ᠨᠤᠲᠤᠭ ᠳᠠᠭᠠᠨ ᠬᠠᠶᠢᠷᠠᠲᠠᠢ ᠪᠢ ᠲᠠᠯ᠎ᠠ ᠶᠢ ᠪᠦᠷᠭᠦᠨ ᠴᠠᠶᠢᠯᠵᠠᠨ ᠪᠦᠮᠪᠦᠷᠢᠳᠡᠭ ᠲᠠᠷᠭᠤᠨ ᠰᠦᠷᠦᠭ ᠳᠡᠭᠡᠨ ᠬᠠᠶᠢᠷᠠᠲᠠᠢ ᠪᠢ ᠲᠠᠯᠠᠢ ᠶᠡᠭᠡ ᠪᠠᠶᠠᠨ ᠰᠠᠩ ᠲᠠᠢ ᠲᠠᠷᠬᠠᠨ ᠨᠤᠲᠤᠭ ᠳᠠᠭᠠᠨ ᠬᠠᠶᠢᠷᠠᠲᠠᠢ ᠪᠢ ᠤᠰᠬᠠᠯ ᠮᠦᠷᠠᠨ ᠳᠡᠭᠡᠨ ᠲᠦᠷᠭᠦ ᠪᠠᠨ ᠤᠨᠠᠭᠠᠭᠰᠠᠨ ᠤᠨᠠᠭᠠᠨ ᠰᠠᠷᠠᠨ ᠳᠠᠭᠠᠨ ᠬᠠᠶᠢᠷᠠᠲᠠᠢ ᠪᠢ ᠤᠶᠠᠩᠭᠠᠷᠠᠨ ᠬᠤᠯᠠᠳᠬᠤ ᠴᠡᠭᠡᠯ ᠤᠨ ᠴᠤᠤᠷᠢᠶ᠎ᠠ ᠰᠢᠤᠬᠠᠨ ᠤᠷᠲᠤ ᠶᠢᠨ ᠲᠠᠭᠤᠨ ᠳᠠᠭᠠᠨ ᠬᠠᠶᠢᠷᠠᠲᠠᠢ ᠪᠢ ᠨᠤᠭᠤᠭᠠᠷᠠᠨ ᠰᠦᠭᠯᠡᠶᠢᠬᠦ ᠤᠢ ᠲᠠᠶᠢᠭ᠎ᠠ ᠲᠠᠢ ᠨᠤᠮᠢᠨ ᠪᠠᠶᠢᠭᠠᠯᠢ ᠳᠠᠭᠠᠨ ᠬᠠᠶᠢᠷᠠᠲᠠᠢ ᠪᠢ ᠨᠤᠬᠠᠢ ᠬᠤᠴᠠᠵᠤ ᠵᠤᠴᠢᠨ ᠠᠶᠢᠰᠦᠢ ᠨᠤᠲᠤᠭ ᠤᠨ ᠲᠤᠲᠤᠨᠤ ᠳᠠᠭᠠᠨ ᠬᠠᠶᠢᠷᠠᠲᠠᠢ ᠪᠢ  ᠃
ᠢᠷᠡᠯᠲᠡ᠄ ᠲᠤᠰ ᠰᠦᠯᠵᠢᠶ᠎ᠡ