ᠲᠦᠷᠦᠯ᠎ᠡ ᠪᠢ
ᠨᠡᠶᠢᠲᠡᠯᠡᠭᠰᠡᠨ ᠴᠠᠭ᠄
2020/8/23
ᠭᠠᠯᠳᠠᠳ᠂ ᠭᠤᠷᠪᠠ                                                                                         ᠦᠵᠦᠭᠦᠷ ᠨᠢ ᠬᠠᠷᠠᠭᠳᠠᠬᠤ ᠦᠭᠡᠢ ᠦᠨᠲᠦᠷ ᠲᠠᠭᠲᠤ ᠶᠢᠨ ᠦᠯᠮᠡᠢ ᠬᠠᠵᠠᠭᠤ ᠪᠠᠷ ᠨᠢ ᠲᠡᠮᠲᠤᠴᠢᠨ ᠦᠷᠯᠦᠭᠡ ᠤᠷᠤᠢ ᠶᠢᠨ ᠨᠠᠷᠠᠨ ᠢ ᠤᠭᠲᠤᠨ ᠦᠳᠡᠵᠤ ᠦᠡᠭᠰᠢᠭ ᠠᠮᠢᠲᠤᠷᠠᠯ ᠢ ᠰᠠᠨᠠᠭᠠᠯᠵᠠᠨ ᠲᠦᠷᠦᠯ᠎ᠡ ᠪᠢ ᠠᠲᠠᠷ ᠲᠠᠯ᠎ᠠ ᠶᠢᠨ ᠴᠡᠴᠡᠭ᠂ ᠠᠲᠤᠭᠤᠨ ᠳᠤ ᠶᠠᠪᠤᠭᠰᠠᠨ ᠠᠪᠤ ᠶᠢᠨ ᠲᠤᠬᠠᠢ ᠠᠯᠠᠭᠠᠨ ᠳᠤ ᠲᠡᠯᠭᠡᠭᠳᠡᠭᠰᠡᠨ ᠵᠢᠷᠤᠭᠲᠤ ᠲᠡᠪᠲᠡᠷ ᠠᠴᠠ ᠠᠨᠳᠠᠭᠤ ᠪᠤᠷᠤᠭᠤ ᠲᠠᠢ ᠨᠢ ᠬᠠᠮᠤᠷᠤᠨ ᠠᠰᠬ᠎ᠠ ᠬᠠᠳᠠᠨ ᠳᠤ ᠦᠢᠴᠢᠭᠰᠡᠨ ᠴᠠᠰᠤ ᠰᠢᠤᠬᠠᠨ ᠠᠶᠤᠯᠲᠠᠶᠢᠬᠠᠨ ᠲᠦᠷᠦᠯ᠎ᠡ ᠪᠢ ᠬᠦᠷᠦᠰᠦᠲᠤ ᠲᠡᠯᠡᠬᠡᠢ ᠪᠠᠨ ᠨᠦᠬᠡ ᠪᠠᠷ ᠠᠴᠢᠯᠠᠵᠤ ᠬᠦᠭᠡᠮᠲᠦᠭ ᠤᠭᠲᠠᠷᠭᠤᠢ ᠪᠠᠨ ᠤᠲᠤᠭ᠎ᠠ ᠪᠠᠷ ᠪᠦᠭᠰᠢᠭᠦᠯᠦᠭᠰᠡᠨ ᠬᠦᠬᠡ ᠮᠤᠩᠭᠤᠯ ᠤᠨ ᠮᠢᠨᠢ ᠰᠢᠷᠬᠠᠲᠤᠨ ᠰᠢᠨᠠᠯᠤᠭᠰᠠᠨ ᠨᠤᠲᠤᠭ ᠲᠤ ᠬᠦᠤ ᠨᠢ ᠪᠤᠯᠵᠤ ᠬᠦᠮᠦᠨ ᠰᠢᠤᠬᠠᠨ ᠲᠦᠷᠦᠯ᠎ᠡ ᠪᠢ᠃ ᠬᠠᠰᠢᠶᠠᠨ ᠳᠤ ᠬᠤᠷᠢᠭᠳᠠᠭᠰᠠᠨ ᠬᠡᠳᠦᠬᠡᠨ ᠮᠠᠯ ᠤᠨ ᠢᠶᠠᠨ ᠬᠠᠪᠢᠷᠭ᠎ᠠ ᠪᠠᠨ  ᠪᠡᠷᠳᠡᠲᠡᠯ᠎ᠡ  ᠬᠦᠰᠡᠮᠵᠢᠯᠡᠨ ᠮᠠᠶᠢᠯᠠᠬᠤ ᠬᠠᠯᠠᠭᠤᠨ ᠬᠤᠰᠢᠭᠤᠲᠤ ᠮᠠᠯᠵᠢᠯ ᠤᠨ ᠬᠠᠷᠠᠰᠠᠯᠲᠤ ᠡᠴᠦᠰᠯᠡᠯ ᠢ ᠬᠠᠷᠠᠬᠤ ᠨᠢᠲᠤ ᠪᠠᠨ ᠵᠠᠶᠢᠷᠲᠤᠯᠤᠩᠬᠠᠨ ᠲᠦᠷᠦᠯ᠎ᠡ ᠪᠢ᠃ ᠭᠡᠷ ᠤᠨ ᠦᠨᠲᠦᠷ ᠨᠠᠷᠠᠪᠴᠢᠨ ᠠᠴᠠ ᠭᠠᠳᠠᠨ᠎ᠠ ᠶᠢ ᠰᠢᠷᠲᠡᠵᠤ ᠭᠡᠮᠲᠤ ᠪᠤᠯᠢᠬᠠᠢ ᠭᠡᠷᠡᠭ ᠢ ᠲᠧᠯᠸᠢᠰ ᠠᠴᠠ ᠦᠵᠡᠵᠤ ᠬᠡᠵᠢᠭ ᠲᠤᠮᠤᠭᠤ ᠡᠪᠡᠳᠴᠢᠨ ᠲᠠᠬᠤᠯ ᠠᠴᠠ ᠪᠤᠯᠲᠤᠵᠤ ᠭᠡᠴᠢᠶᠡᠮᠵᠢᠳᠡᠶᠢᠬᠡᠨ ᠲᠦᠷᠦᠯ᠎ᠡ ᠪᠢ᠃ ᠪᠤᠯᠤᠷ ᠲᠤᠩᠭᠠᠯᠠᠭ ᠭᠤᠤᠯ ᠭᠤᠷᠤᠬ᠎ᠠ ᠨᠢ ᠪᠤᠬᠢᠷᠲᠦᠯ ᠬᠤᠤᠷᠳᠠᠯ ᠢᠶᠠᠷ ᠲᠦᠷᠢᠮᠡᠬᠡᠶᠢᠯᠡᠭᠦᠯᠵᠤ ᠪᠤᠷᠤᠭᠠᠨ ᠬᠤᠷ᠎ᠠ ᠶᠢᠨ ᠴᠢᠬᠢᠭ ᠴᠦᠭᠡᠷᠡᠭᠰᠡᠨ ᠪᠤᠲᠤᠯᠢᠶᠠᠨᠲᠤ ᠡᠷᠡᠨ ᠳᠤ ᠲᠦᠷᠦᠯ᠎ᠡ ᠪᠢ᠃ ᠠᠰᠢᠭ ᠤᠷᠤᠯᠭ᠎ᠠ ᠶᠢᠨ ᠰᠢᠨᠤᠯ ᠳᠤ ᠠᠪᠲᠠᠨ ᠠᠯᠲᠠᠨ ᠲᠡᠯᠡᠬᠡᠢ ᠶᠢᠨ ᠵᠤᠷᠰᠢᠯ ᠵᠢᠮ᠎ᠠ ᠶᠢ ᠲᠡᠷᠰᠯᠡᠨ ᠠᠶᠠᠭ᠎ᠠ ᠴᠠᠢ ᠪᠤᠳᠠᠭ᠎ᠠ ᠳᠤ ᠬᠦᠷᠲᠡᠯ᠎ᠡ ᠬᠠᠭᠤᠷᠮᠠᠭ ᠪᠤᠯᠤᠭᠰᠠᠨ ᠠᠯᠤᠰ ᠤᠨ ᠪᠤᠲᠤᠯ ᠳᠤ ᠲᠠᠷᠤᠭᠳᠠᠨ ᠲᠦᠷᠦᠯ᠎ᠡ ᠪᠢ᠃ ᠴᠠᠭ ᠵᠢᠯ ᠢᠶᠠᠨ ᠰᠢᠨᠵᠢᠯ ᠦᠭᠡᠢ ᠴᠠᠭᠯᠠᠰᠢ ᠦᠭᠡᠢ ᠨᠠᠭᠠᠳᠤᠮ ᠢᠶᠠᠨ ᠡᠷᠭᠢᠯᠡᠳᠡᠭ ᠴᠠᠪ ᠤᠨ ᠤᠯᠠᠨ ᠰᠤᠨᠢᠷᠬᠠᠭᠴᠢᠳ ᠲᠠᠢ ᠴᠠᠰᠤ ᠬᠢᠷᠠᠭᠤ ᠲᠠᠪᠬᠤᠴᠠᠭᠰᠠᠨ ᠰᠠᠮᠠᠭᠤᠷᠠᠯ ᠤᠨ ᠡᠷᠡᠨ ᠳᠤ ᠲᠦᠷᠦᠯ᠎ᠡ ᠪᠢ᠃ ᠤᠶᠠᠩᠭᠠᠲᠤ ᠰᠠᠶᠢᠬᠠᠨ ᠮᠤᠩᠭᠤᠯ ᠲᠠᠭᠤᠤ ᠮᠢᠨᠢ ᠤᠬᠠᠭ᠎ᠠ ᠪᠠᠯᠠᠷᠠᠭᠤᠯᠬᠤ ᠰᠠᠷᠬᠤᠳ ᠤᠨ ᠵᠤᠷ ᠪᠤᠯᠵᠤ ᠤᠭᠰᠠᠭ᠎ᠠ ᠰᠤᠷᠭᠠᠯ ᠢᠶᠠᠨ ᠲᠤᠷ᠎ᠠ ᠪᠠᠷ ᠴᠠᠯᠴᠢᠳᠠᠭ ᠤᠲᠤᠮ ᠬᠢᠮᠤᠷᠠᠭᠰᠠᠨ ᠤᠷᠤᠨ ᠳᠤ ᠲᠦᠷᠦᠯ᠎ᠡ ᠪᠢ᠃ ᠪᠤᠰᠤᠭ᠎ᠠ ᠰᠤᠶᠤᠯ ᠤᠨ ᠰᠢᠮ᠎ᠡ ᠪᠠᠷ ᠪᠤᠰᠴᠤ ᠵᠤᠭᠰᠣᠬᠤ ᠰᠦᠰᠦᠲᠡᠨ ᠬᠤᠮᠰᠠᠳᠠᠭᠰᠠᠨ ᠪᠤᠭᠤᠷᠤᠯ ᠲᠡᠤᠬᠡᠨ ᠳᠡᠭᠡᠨ ᠤᠮᠤᠭᠰᠢᠨ ᠪᠤᠷᠤᠭᠤ ᠵᠦᠪ ᠦᠭᠡᠢ ᠮᠠᠷᠭᠤᠯᠲᠤᠳᠠᠭ ᠮᠤᠩᠭᠤᠯ ᠳᠠᠭᠠᠨ ᠲᠦᠷᠦᠯ᠎ᠡ ᠪᠢ᠃ ᠬᠦᠪᠤᠡᠭ ᠴᠠᠭᠠᠨ ᠡᠭᠦᠯᠡᠰ ᠨᠢ ᠨᠡᠭᠦᠳᠡᠯᠯᠡᠨ ᠬᠦᠬᠡᠮᠲᠦᠭ ᠲᠡᠭᠷᠢ ᠪᠠᠨ ᠭᠤᠶᠤᠭᠰᠠᠨ ᠬᠦᠪᠴᠢ ᠤᠢ ᠲᠠᠶᠢᠭ᠎ᠠ ᠠᠴᠠ ᠨᠢ ᠦᠨᠢᠶᠡᠷ ᠲᠤᠨᠤᠷᠠᠭᠰᠠᠨ ᠬᠦᠳᠡᠭᠡ ᠲᠠᠯ᠎ᠠ ᠪᠠᠨ ᠮᠦᠷᠦᠭᠡᠳᠦᠨ ᠲᠦᠷᠦᠯ᠎ᠡ ᠪᠢ᠃ ᠠᠭᠤᠵᠢᠮ ᠲᠡᠨᠢᠭᠡᠷ ᠪᠤᠲᠤᠯ ᠲᠠᠭᠠᠨ ᠤᠷᠭ᠎ᠠ ᠶᠢᠨ ᠮᠤᠷᠢ ᠪᠠᠨ ᠡᠷᠭᠦᠬᠦᠯᠳᠡᠭ ᠤᠬᠠᠭ᠎ᠠ ᠪᠤᠲᠤᠯ ᠬᠤᠷᠴᠠᠬᠠᠨ ᠲᠦᠮᠡᠨ ᠤ ᠪᠠᠨ ᠤᠭ ᠢᠵᠠᠭᠤᠷ ᠢ ᠵᠠᠯᠭᠠᠮᠵᠢᠯᠠᠭᠬᠠᠨ ᠲᠦᠷᠦᠯ᠎ᠡ ᠪᠢ ᠵᠡᠭᠡᠷ᠎ᠡ ᠶᠢᠨ ᠲᠤᠭᠤᠰᠤ ᠰᠢᠷᠭᠠᠯᠲᠤᠨ ᠵᠡᠷᠭᠡᠯᠭᠡᠨ ᠵᠢᠷᠪᠡᠯᠵᠡᠨ ᠰᠡᠳᠬᠢᠯ ᠬᠦᠭᠰᠡᠭᠡᠭᠦ ᠵᠡᠭᠦᠲᠦᠨ ᠤ ᠰᠠᠶᠢᠬᠠᠨ ᠤᠷᠤᠨ ᠳᠠᠭᠠᠨ ᠵᠡᠭᠦᠷᠮᠡᠭ ᠬᠦᠰᠡᠯ ᠢᠶᠠᠨ ᠤᠶᠠᠩᠭᠠᠯᠠᠩᠬᠠᠨ ᠲᠦᠷᠦᠯ᠎ᠡ ᠪᠢ᠃ ᠤᠲᠤᠷ ᠨᠡᠭᠦᠲᠡᠯ᠂ ᠤᠴᠤᠭ ᠤᠨ ᠭᠤᠷᠪᠠᠨ ᠴᠢᠯᠠᠭᠤ ᠶᠢᠨ ᠤᠨ ᠤᠳᠠᠭᠰᠠᠨ ᠲᠡᠤᠬᠡ ᠶᠢᠨ ᠠᠯᠲᠠᠨ ᠪᠢᠴᠢᠭ  ᠎ ᠤᠨ ᠤᠶᠤᠨ ᠬᠡᠳᠦᠶᠢᠳᠦᠭᠰᠡᠨ ᠪᠤᠰᠤᠭ᠎ᠠ ᠰᠤᠶᠤᠯ ᠶᠢᠨ ᠰᠢᠮ᠎ᠡ ᠪᠠᠷ ᠤᠴᠢ ᠪᠤᠲᠠᠷᠠᠭᠰᠠᠨ ᠭᠠᠯ ᠭᠤᠯᠤᠮᠲᠠ ᠶᠢ ᠮᠠᠨᠠᠩᠬᠠᠨ ᠲᠦᠷᠦᠯ᠎ᠡ ᠪᠢ᠃ ᠡᠷᠭᠦᠨ᠎ᠡ ᠬᠤᠨ ᠤ ᠭᠦᠲᠡᠷ ᠬᠠᠶᠢᠯᠠᠭᠤᠯᠤᠭᠰᠠᠨ ᠲᠤᠮᠤᠭ ᠠᠴᠠ ᠡᠵᠡᠨ ᠪᠤᠭᠲᠠ ᠴᠢᠩᠭᠢᠰ ᠬᠦᠷᠲᠡᠯᠡᠭᠢ ᠲᠡᠤᠬᠡ ᠪᠠᠨ ᠡᠨᠡ ᠪᠡᠶ᠎ᠡ ᠪᠠᠨ ᠲᠠᠮᠢᠷᠵᠢᠭᠤᠯᠬᠤ ᠤᠪᠠᠳᠢᠰ ᠭᠡᠵᠤ ᠡᠩᠬᠡ ᠲᠦᠷᠦ  ᠎ ᠳᠡᠭᠡᠨ ᠡᠪᠲᠡᠶᠢᠬᠡᠨ ᠲᠦᠷᠦᠯ᠎ᠡ  ᠪᠢ᠃  ᠬᠠᠶ᠋ᠢᠭ᠄ ᠤᠷᠲᠤᠰ ᠬᠤᠲᠠ ᠶᠢᠨ ᠡᠵᠡᠨ ᠬᠤᠷᠤᠭ᠎ᠠ ᠬᠤᠰᠢᠭᠤᠨ ᠤ ᠰᠤᠨᠢᠨ ᠮᠡᠳᠡᠭᠡᠨ ᠤ ᠲᠦᠪ              
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号