| ︽ᠤᠩᠰᠢᠬᠤ ᠪᠤᠯ ᠨᠤᠮ ᠪᠢᠴᠢᠭ ᠢ ᠨᠢᠳᠦᠯᠡᠨ ᠲᠠᠨᠢᠵᠤ ᠳᠠᠭᠤᠳᠠᠬᠤ︾ ᠭᠡᠵᠦ ᠲᠤᠯᠢ ᠪᠢᠴᠢᠭ ᠳᠡᠭᠡᠷ᠎ᠡ | ᠲᠠᠶᠢᠯᠪᠤᠷᠢᠯᠠᠭᠰᠠᠨ ᠪᠠᠶᠢᠳᠠᠭ᠃ ᠡᠷᠲᠡᠨ ᠤ ᠬᠦᠮᠦᠰ ︽ᠲᠦᠮᠡᠨ ᠳᠡᠪᠲᠡᠷ ᠨᠤᠮ ᠤᠩᠰᠢᠬᠤ ᠨᠢ ᠲᠦᠮᠡᠨ ᠭᠠᠵᠠᠷ | ᠬᠤᠯᠠ ᠠᠶᠠᠯᠠᠭᠰᠠᠨ ᠲᠠᠢ ᠠᠳᠠᠯᠢ︾ ᠭᠡᠵᠦ ᠶᠠᠷᠢᠭᠰᠠᠨ ᠪᠠᠶᠢᠳᠠᠭ᠃ ᠬᠦᠨ ᠤᠬᠠᠭᠠᠨᠲᠠᠳ ᠪᠠᠰᠠ ︽ᠨᠤᠮ ᠳᠡᠪᠲᠡᠷ | ᠪᠤᠯ ᠬᠦᠮᠦᠨ ᠲᠦᠷᠦᠯᠬᠢᠲᠡᠨ ᠤ ᠳᠠᠪᠰᠢᠬᠤ ᠱᠠᠲᠤ︾ ᠭᠡᠵᠦ ᠶᠠᠷᠢᠭᠰᠠᠨ ᠪᠠᠶᠢᠳᠠᠭ᠃ ᠲᠡᠭᠡᠪᠡᠯ ᠨᠤᠮ ᠤᠩᠰᠢᠬᠤ ᠨᠢ | ᠴᠤᠬᠤᠮ ᠬᠡᠳᠦᠢ ᠴᠢᠬᠤᠯᠠ ᠪᠤᠢ︖ | ᠨᠢᠭᠡ ᠭᠠᠷᠠᠭ ᠤᠨ ᠴᠢᠯᠦᠭᠡ ᠪᠠᠷ ᠪᠢ ᠨᠤᠲᠤᠭ ᠲᠤ ᠪᠠᠨ ᠬᠠᠷᠢᠵᠤ᠂ ᠬᠤᠰᠢᠭᠤᠨ ᠤ ᠪᠠᠨ ᠮᠤᠩᠭᠤᠯ ᠨᠤᠮ ᠤᠨ | ᠰᠠᠩ ᠳᠤ ᠵᠢᠭᠠᠨ ᠰᠤᠷᠭᠠᠯᠲᠠ ᠳᠤᠮᠳᠠ ᠬᠡᠷᠡᠭᠯᠡᠬᠦ ᠪᠢᠴᠢᠭ ᠮᠠᠲ᠋ᠧᠷᠢᠶᠠᠯ ᠠᠪᠬᠤ ᠪᠠᠷ ᠤᠷᠤᠯ᠎ᠠ᠃ ᠲᠡᠷᠡ ᠨᠤᠮ ᠤᠨ | ᠰᠠᠩ ᠤᠨ ᠡᠵᠡᠨ ᠨᠢ ᠤᠤᠯ ᠨᠢ ᠮᠢᠨᠦ ᠰᠤᠷᠤᠯᠴᠠᠵᠤ ᠦᠩᠭᠡᠷᠡᠭᠰᠡᠨ ᠳᠤᠮᠳᠠᠳᠤ ᠰᠤᠷᠭᠠᠭᠤᠯᠢ ᠳᠤ ᠪᠠᠭᠰᠢᠯᠠᠵᠤ | ᠪᠠᠶᠢᠭᠰᠠᠨ ᠤᠳᠠᠭᠠᠨ ᠵᠢᠯ ᠤᠨ ᠲᠤᠷᠰᠢᠯᠭ᠎ᠠ ᠲᠠᠢ ᠡᠪᠦᠭᠡᠨ ᠪᠠᠭᠰᠢ ᠪᠠᠶᠢᠯ᠎ᠠ᠃ ᠨᠠᠳᠠ ᠶᠢ ᠤᠷᠤᠵᠤ ᠤᠴᠢᠬᠤ ᠳᠤ | ᠪᠠᠭᠰᠢ ᠲᠤᠶᠢᠯ ᠤᠨ ᠳᠤᠲᠤᠨᠤᠰᠠᠭ ᠢᠶᠠᠷ ᠤᠭᠲᠤᠵᠤ᠂ ᠶᠠᠮᠠᠷ ᠲᠦᠷᠦᠯ ᠤᠨ ᠨᠤᠮ ᠠᠪᠬᠤ ᠲᠤᠬᠠᠢ ᠠᠰᠠᠭᠤᠨ | ᠲᠠᠨᠢᠯᠴᠠᠭᠤᠯᠤᠯ᠎ᠠ᠃ ᠮᠢᠨᠦ ᠬᠡᠦᠬᠡᠳ ᠤᠨ ᠵᠢᠭᠠᠨ ᠰᠤᠷᠭᠠᠯᠲᠠ ᠶᠢᠨ ᠲᠤᠬᠠᠢ ᠨᠤᠮ ᠠᠪᠬᠤ ᠶᠢ ᠦᠵᠡᠭᠡᠳ ᠪᠠᠭᠰᠢ | ᠤᠳᠤ ᠶᠢᠨ ᠵᠢᠭᠠᠨ ᠰᠤᠷᠭᠠᠯᠲᠠ ᠶᠢᠨ ᠲᠤᠬᠠᠢ ᠨᠠᠳᠠ ᠲᠠᠢ ᠵᠤᠭᠤᠭᠳᠠᠨ ᠶᠠᠷᠢᠯᠴᠠᠯ᠎ᠠ᠃ ᠪᠢ᠄ ︽ᠪᠠᠭᠰᠢ ᠲᠠ | ᠦᠪᠡᠷ ᠢᠶᠠᠨ ᠨᠤᠮ ᠤᠨ ᠰᠠᠩ ᠨᠡᠭᠡᠭᠡᠴᠢᠭᠡᠭᠡᠳ ᠶᠠᠮᠠᠷ ᠭᠤᠶᠤ ᠪᠤᠢ︕ ᠨᠢᠭᠡ ᠲᠠᠯ᠎ᠠ ᠪᠠᠷ ᠨᠤᠮ ᠢᠶᠠᠨ | ᠤᠩᠰᠢᠴᠢᠬᠠᠭᠰᠠᠨ᠂ ᠨᠢᠭᠡ ᠲᠠᠯ᠎ᠠ ᠪᠠᠷ ᠵᠤᠭᠤᠰ ᠬᠤᠨᠵᠢᠴᠢᠬᠠᠭᠰᠠᠨ ᠁︾ ᠭᠡᠬᠦ ᠳᠤ ᠪᠠᠭᠰᠢ ᠶᠢᠨ ᠨᠢᠳᠦᠨ ᠳᠤ | ᠵᠤᠪᠠᠨᠢᠯ ᠤᠨ ᠪᠠᠶᠢᠳᠠᠯ ᠢᠯᠡᠷᠡᠨ᠄ ︽ᠤᠳᠤ ᠨᠤᠮ ᠠᠪᠳᠠᠭ ᠬᠦᠮᠦᠨ ᠠᠯᠠᠭ᠎ᠠ ᠪᠤᠯᠤᠭᠰᠠᠨ᠂ ᠨᠤᠮ ᠤᠩᠰᠢᠳᠠᠭ | ᠬᠦᠮᠦᠨ ᠨᠡᠩ ᠴᠦ ᠴᠦᠭᠡᠷᠡᠭᠰᠡᠨ᠂ ᠤᠯᠠᠨ ᠨᠤᠮ ᠢ ᠪᠦᠷ ᠳᠠᠷᠤᠵᠤ ᠪᠠᠶᠢᠨ᠎ᠠ ᠰᠢᠦ︕︾ ᠭᠡᠵᠦ ᠭᠤᠨᠢᠭᠯᠠᠯᠲᠠᠢ | ᠶᠠᠷᠢᠭᠠᠳ ᠳᠠᠬᠢᠨ᠄ ︽ᠪᠠᠭᠰᠢ ᠪᠤᠯᠤᠭᠰᠠᠨ ᠲᠠ ᠨᠠᠷ ᠡᠷᠬᠡᠪᠰᠢ ᠬᠡᠦᠬᠡᠳ ᠤᠳ ᠢ ᠢᠯᠡᠭᠦᠦ ᠨᠤᠮ ᠤᠩᠰᠢᠬᠤ | ᠳᠠᠳᠬᠠᠯ ᠲᠠᠢ ᠪᠤᠯᠭᠠᠬᠤ ᠡᠭᠦᠷᠭᠡ ᠲᠠᠢ ᠰᠢᠦ᠂ ᠤᠳᠤ ᠶᠢᠨ ᠵᠠᠯᠠᠭᠤ ᠪᠠᠭᠰᠢ ᠨᠠᠷ ᠡᠨᠡ ᠲᠠᠯ᠎ᠠ ᠶᠢ ᠤᠮᠳᠠᠭᠠᠶᠢᠯᠠᠭᠠᠳ | ᠪᠠᠶᠢᠬᠤ ᠶᠤᠮ︾ ᠭᠡᠬᠦ ᠳᠤ ᠪᠢ᠄ ︽ᠤᠳᠤ ᠶᠢᠨ ᠬᠡᠦᠬᠡᠳ ᠮᠤᠩᠭᠤᠯ ᠦᠭᠡ ᠪᠠᠨ ᠤᠯᠢᠭᠲᠠᠢ ᠰᠠᠶᠢᠬᠠᠨ ᠶᠠᠷᠢᠵᠤ | ᠴᠢᠳᠠᠬᠤ ᠦᠭᠡᠢ ᠶᠤᠮ ᠴᠢᠨᠢ᠂ ᠨᠤᠮ ᠤᠩᠰᠢᠭᠠᠳ ᠨᠡᠩ ᠤᠶᠢᠯᠠᠭᠠᠬᠤ ᠳᠤ ᠬᠦᠴᠢᠷ ᠪᠤᠯᠤᠭᠰᠠᠨ︾ ᠭᠡᠵᠦ ᠪᠡᠶ᠎ᠡ ᠪᠠᠨ | ᠦᠮᠦᠭᠡᠷᠡᠨ ᠶᠠᠷᠢᠯ᠎ᠠ᠃ ᠪᠠᠭᠰᠢ ᠮᠢᠨᠢ ᠡᠶᠡᠯᠳᠡᠭ ᠢᠶᠠᠷ᠄ ︽ᠬᠡᠦᠬᠡᠨ ᠮᠢᠨᠢ᠂ ᠪᠠᠭᠰᠢ ᠨᠢ ᠡᠳᠦᠢ ᠬᠦᠷᠦᠭᠡᠳ ᠪᠠᠰᠠ | ᠵᠠᠷᠢᠮ ᠨᠤᠲᠤᠭ ᠤᠨ ᠤᠨᠴᠠᠯᠢᠭ ᠲᠠᠢ ᠨᠤᠮ ᠢ ᠤᠩᠰᠢᠬᠤ ᠳᠤ ᠤᠶᠢᠯᠠᠭᠠᠬᠤ ᠦᠭᠡᠢ ᠦᠭᠡ ᠭᠠᠷᠤᠭᠠᠳ ᠪᠠᠶᠢᠨ᠎ᠠ | ᠰᠢᠦ᠂ ᠭᠡᠲᠡᠯ᠎ᠡ ︿ᠳᠠᠳᠬᠠᠯ﹀ ᠭᠡᠳᠡᠭ ᠶᠠᠭᠤᠮ᠎ᠠ ᠶᠢ ᠪᠤᠢ ᠪᠤᠯᠭᠠᠴᠢᠬᠠᠪᠠᠯ ᠬᠡᠵᠢᠶ᠎ᠡ ᠨᠢᠭᠡᠨ ᠡᠳᠦᠷ ᠯᠠᠪᠲᠠᠢ | ᠤᠩᠰᠢᠭᠰᠠᠨ ᠢᠶᠠᠨ ᠤᠯᠠᠩᠬᠢ ᠶᠢ ᠨᠢ ᠤᠶᠢᠯᠠᠭᠠᠬᠤ ᠪᠠᠶᠢᠯᠭᠦᠢ᠂ ᠶᠡᠬᠡᠩᠬᠢ ᠶᠢ ᠨᠢ ᠤᠶᠢᠯᠠᠭᠠᠵᠤ ᠳᠡᠶᠢᠯᠪᠡᠯ ᠪᠠᠰᠠ ᠶᠡᠭᠡ | ᠤᠯᠠᠨ ᠶᠠᠭᠤᠮ᠎ᠠ ᠮᠡᠳᠡᠵᠦ ᠴᠢᠳᠠᠨ᠎ᠠ᠃ ᠤᠳᠤ ᠪᠢᠳᠡᠨ ᠳᠤ ᠴᠤᠬᠠᠭᠳᠠᠵᠤ ᠪᠠᠶᠢᠭ᠎ᠠ ᠨᠢ ᠮᠦᠨ ᠡᠨᠡ ︿ᠳᠠᠳᠬᠠᠯ﹀ | ᠰᠢᠦ︕ ᠨᠤᠮ ᠤᠩᠰᠢᠬᠤ ᠦᠭᠡᠢ ᠪᠠᠷ ᠲᠡᠷᠡ ᠭᠠᠷ ᠤᠲᠠᠰᠤ ᠶᠢ ᠡᠳᠦᠷ ᠪᠦᠷᠢ ᠨᠢᠳᠦᠨ ᠠᠴᠠ ᠪᠠᠨ ᠰᠠᠯᠭᠠᠬᠤ | ᠦᠭᠡᠢ ᠪᠠᠷ ᠶᠠᠮᠠᠷ ᠯᠠ ᠤᠯᠠᠨ ᠶᠠᠭᠤᠮ᠎ᠠ ᠮᠡᠳᠡᠵᠦ ᠳᠡᠶᠢᠯᠬᠦ ᠪᠤᠢ︾ ᠭᠡᠯᠡ᠃ ᠪᠠᠭᠰᠢ ᠶᠢᠨ ᠦᠭᠡ ᠶᠢ ᠰᠤᠨᠤᠰᠤᠭᠠᠳ | ᠡᠨᠡ ᠮᠤᠩᠭᠤᠯ ᠨᠠᠰᠤᠲᠠᠨ ᠤ ᠰᠠᠶ᠋ᠢ ᠶᠢᠨ ᠭᠤᠨᠢᠭᠯᠠᠯᠲᠤ ᠬᠠᠷᠠᠴᠠ ᠨᠢ ᠦᠪᠡᠷ ᠤᠨ ᠵᠤᠭᠤᠰ ᠤᠯᠵᠤ ᠳᠡᠶᠢᠯᠬᠦ ᠦᠭᠡᠢ | ᠳᠤ ᠪᠠᠨ ᠵᠤᠪᠠᠭᠰᠠᠨ ᠪᠢᠰᠢ᠂ ᠬᠠᠷᠢᠨ ᠮᠤᠩᠭᠤᠯ ᠪᠠᠭᠠᠴᠤᠳ ᠬᠡᠦᠬᠡᠳ᠂ ᠴᠢᠨᠠᠭᠰᠢᠯᠠᠪᠠᠯ ᠮᠤᠩᠭᠤᠯ ᠤᠨ | ᠢᠷᠡᠭᠡᠳᠦᠢ ᠶᠢᠨ ᠲᠦᠯᠦᠭᠡ ᠰᠠᠭᠠᠰᠢᠷᠠᠵᠤ ᠪᠠᠶᠢᠨ᠎ᠠ ᠭᠡᠰᠡᠨ ᠢ ᠮᠡᠳᠡᠵᠦ᠂ ᠤᠳᠤᠬᠠᠨ ᠤ ᠦᠪᠡᠷ ᠤᠨ ᠪᠡᠶ᠎ᠡ ᠪᠠᠨ | ᠵᠦᠪᠲᠡᠭᠡᠨ ᠬᠡᠯᠡᠭᠰᠡᠨ ᠦᠭᠡᠨ ᠳᠤ ᠪᠠᠨ ᠢᠴᠢᠵᠦ ᠨᠢᠭᠤᠷ ᠨᠢᠯ ᠤᠯᠠᠶᠢᠬᠤ ᠰᠢᠭ᠋ ᠪᠤᠯᠤᠯ᠎ᠠ᠃ ᠲᠡᠶᠢᠮᠦ ᠡ᠂ | ᠤᠩᠰᠢᠵᠤ ᠯᠠ ᠪᠠᠶᠢᠳᠠᠭ ᠶᠤᠮ ᠪᠤᠯ ᠠᠯᠢ ᠡᠳᠦᠷ ᠤᠶᠢᠯᠠᠭᠠᠬᠤ ᠪᠠᠶᠢᠯᠭᠦᠢ᠂ ᠤᠩᠰᠢᠬᠤ ᠳᠠᠳᠬᠠᠯ ᠦᠭᠡᠢ ᠪᠤᠯ ᠨᠤᠮ | ᠳᠡᠭᠡᠷᠡᠬᠢ ᠲᠡᠷᠡ ᠤᠯᠠᠨ ᠰᠤᠨᠢᠨ ᠰᠡᠬᠡᠭᠦᠨ ᠵᠦᠢᠯ ᠢ ᠶᠠᠭᠠᠬᠢᠨ ᠮᠡᠳᠡᠬᠦ ᠪᠢᠯᠡ᠃ ᠡᠨᠡ ᠦᠶᠡᠰ ᠪᠢ ᠰᠠᠶ᠋ᠢ | ᠰᠤᠷᠤᠭᠴᠢᠳ ᠲᠤ ᠪᠠᠨ ︽ᠨᠤᠮ ᠢᠯᠡᠬᠦᠦ ᠤᠩᠰᠢ︾ ᠭᠡᠵᠦ ᠬᠡᠳᠦ ᠬᠡᠯᠡᠬᠦ ᠳᠤ ᠲᠡᠳᠡᠨ ᠤ ᠤᠶᠢᠰᠢᠶᠠᠬᠤ ᠦᠭᠡᠢ | ᠪᠠᠶᠢᠬᠤ ᠶᠢ ᠦᠵᠡᠭᠡᠳ ᠠᠬᠢᠨ ᠳᠠᠬᠢᠨ ᠴᠢᠩᠭ᠎ᠠ ᠱᠠᠭᠠᠷᠳᠠᠭᠰᠠᠨ ᠦᠭᠡᠢ ᠮᠢᠨᠢ ᠶᠡᠭᠡ ᠪᠤᠷᠤᠭᠤ᠂ ᠡᠨᠡ ᠨᠢᠭᠡᠨ | ᠳᠠᠳᠬᠠᠯ ᠢ ᠪᠤᠢ ᠪᠤᠯᠭᠠᠬᠤ ᠡᠬᠦᠷᠭᠡ ᠪᠠᠭᠰᠢ ᠪᠤᠯᠤᠭᠰᠠᠨ ᠪᠢᠳᠡᠨ ᠳᠤ ᠪᠠᠶᠢᠨ᠎ᠠ ᠭᠡᠰᠡᠨ ᠢᠶᠠᠨ ᠮᠡᠳᠡᠯ᠎ᠡ᠃ ᠨᠢᠭᠡᠨ ᠡᠳᠦᠷ | ᠪᠢ ᠰᠦᠯᠵᠢᠶᠡᠨ ᠠᠴᠠ ᠨᠢᠭᠡ ᠶᠡᠭᠡ ᠱᠤᠭᠲᠠᠢ ᠮᠡᠳᠡᠭᠡᠯᠡᠯ ᠦᠵᠡᠯ᠎ᠡ᠃ ᠳᠡᠯᠡᠬᠡᠢ ᠳᠡᠭᠡᠷ᠎ᠡ ᠬᠤᠶᠠᠷ ᠤᠯᠤᠰ ᠤᠨ | ᠬᠦᠮᠦᠰ ᠨᠤᠮ ᠤᠩᠰᠢᠬᠤ ᠬᠠᠮᠤᠭ ᠳᠤᠷᠠᠲᠠᠢ ᠪᠠᠶᠢᠳᠠᠭ᠃ ᠨᠢᠭᠡ ᠨᠢ ᠰᠢᠷᠢᠶ᠎ᠠ ᠤᠯᠤᠰ᠂ ᠨᠢᠭᠡ ᠨᠢ ᠢᠰᠷᠧᠯ ᠤᠯᠤᠰ | ᠪᠤᠯᠤᠨ᠎ᠠ᠃ ᠢᠰᠷᠧᠯ ᠤᠯᠤᠰ ᠤᠨ ᠨᠢᠭᠡ ᠬᠦᠮᠦᠨ ᠵᠢᠯ ᠪᠦᠷᠢ ᠳᠤᠮᠳᠠᠴᠢ ᠪᠠᠷ 64 ᠨᠤᠮ ᠤᠩᠰᠢᠵᠤ᠂ ᠡᠭᠦᠨ ᠳᠤ | ᠪᠦᠬᠦ ᠤᠯᠤᠰ ᠤᠨ 80% ᠠᠴᠠ ᠳᠡᠭᠡᠭᠰᠢ ᠲᠤᠭ᠎ᠠ ᠶᠢ ᠡᠵᠡᠯᠡᠵᠦ ᠪᠠᠶᠢᠭ᠎ᠠ ᠢᠪᠷᠠᠶᠢᠴᠤᠳ ᠳᠤᠮᠳᠠᠴᠢ ᠪᠠᠷ ᠵᠢᠯ ᠪᠦᠷᠢ | 68 ᠨᠤᠮ ᠤᠩᠰᠢᠳᠠᠭ᠃ ᠢᠪᠷᠠᠶᠢᠴᠤᠳ ᠲᠤ ᠪᠢᠴᠢᠭ ᠮᠡᠳᠡᠳᠡᠭ ᠬᠦᠮᠦᠨ ᠦᠭᠡᠢ᠂ ᠵᠡᠭᠡᠯᠢ ᠳᠡᠭᠡᠷᠡᠬᠢ ᠭᠤᠶᠢᠷᠠᠨᠴᠢ | ᠨᠢ ᠬᠦᠷᠲᠡᠯ᠎ᠡ ᠬᠠᠵᠠᠭᠤ ᠳᠤ ᠪᠠᠨ ᠡᠳᠦᠷ ᠪᠦᠷᠢ ᠶᠢᠨ ᠤᠩᠰᠢᠬᠤ ᠴᠢᠬᠤᠯᠠ ᠲᠠᠢ ᠨᠤᠮ ᠢᠶᠠᠨ ᠲᠠᠯᠪᠢᠵᠤ ᠪᠠᠶᠢᠳᠠᠭ | ᠭᠡᠵᠦ ᠪᠠᠶᠢᠯ᠎ᠠ᠃ ᠶᠠᠭ ᠡᠶᠢᠮᠦ ᠠᠴᠠ ᠢᠪᠷᠠᠶᠢᠴᠤᠳ ᠨᠢ ᠳᠡᠯᠡᠬᠡᠢ ᠳᠡᠭᠡᠷᠡᠬᠢ ᠬᠠᠮᠤᠭ ᠤᠨ ᠰᠡᠴᠡᠨ ᠰᠡᠷᠭᠦᠯᠡᠩ ᠬᠦᠮᠦᠨ | ᠪᠤᠯᠤᠭᠰᠠᠨ᠃ ᠭᠡᠲᠡᠯ᠎ᠡ ᠳᠤᠮᠳᠠᠳᠤ ᠤᠯᠤᠰ ᠤᠨ ᠬᠦᠮᠦᠨ ᠳᠤᠮᠳᠠᠴᠢ ᠪᠠᠷ ᠵᠢᠯ ᠪᠦᠷᠢ ᠰᠠᠶ᠋ᠢ 4 ᠨᠤᠮ ᠤᠩᠰᠢᠳᠠᠭ | ᠭᠡᠰᠡᠨ ᠢ ᠦᠵᠡᠭᠡᠳ ᠮᠢᠨᠦ ᠮᠦᠷᠦᠨ ᠳᠡᠭᠡᠷᠡᠬᠢ ᠡᠭᠦᠷᠭᠡ ᠬᠡᠳᠦᠢ ᠬᠦᠨᠳᠦ ᠪᠠᠶᠢᠬᠤ ᠭᠡᠰᠡᠨ ᠢᠶᠠᠨ ᠭᠡᠨᠡᠳᠲᠡ ᠰᠡᠷᠡᠯ᠎ᠡ᠃ | ᠲᠡᠭᠡᠪᠡᠯ ᠴᠤᠬᠤᠮ ᠶᠠᠭᠠᠬᠢᠪᠠᠯ ᠰᠠᠶ᠋ᠢ ᠦᠪᠡᠷ ᠤᠨ ᠢᠶᠠᠨ᠂ ᠰᠤᠷᠤᠭᠴᠢᠳ ᠤᠨ ᠢᠶᠠᠨ ᠨᠤᠮ ᠤᠩᠰᠢᠬᠤ | ᠳᠠᠳᠬᠠᠯ ᠢ ᠪᠤᠢ ᠪᠤᠯᠭᠠᠵᠦ ᠴᠢᠳᠠᠬᠤ ᠪᠤᠢ︖ ᠡᠨᠡ ᠨᠢ ᠮᠢᠨᠦ ᠨᠢᠳᠦᠨ ᠡᠮᠦᠨᠡᠬᠢ ᠬᠦᠴᠢᠷ ᠠᠰᠠᠭᠤᠳᠠᠯ ᠪᠤᠯᠤᠯ᠎ᠠ᠃ | ᠤᠴᠢᠷ ᠨᠢ ᠪᠠᠭᠰᠢ ᠪᠤᠯᠤᠭᠰᠠᠨ ᠪᠢᠳᠡ ᠴᠦ ᠲᠡᠷᠡ ᠳᠤᠮᠳᠠᠴᠢ ᠪᠠᠷ ᠵᠢᠯ ᠳᠤ ᠲᠦᠷᠪᠡᠬᠡᠨ ᠨᠤᠮ ᠤᠩᠰᠢᠳᠠᠭ ᠤᠨ ᠨᠢᠭᠡ | ᠨᠢ ᠶᠤᠮ᠃ | ᠨᠢᠭᠡ᠂ ᠨᠤᠮ ᠤᠩᠰᠢᠬᠤ ᠳᠠᠳᠬᠠᠯ ᠢ ᠪᠤᠢ ᠪᠤᠯᠭᠠᠬᠤ | ᠶᠠᠭᠤᠨ ᠤ ᠤᠷᠢᠳ ᠪᠢᠳᠡ ᠦᠪᠡᠷ ᠢᠶᠠᠨ ᠨᠤᠮ ᠤᠩᠰᠢᠬᠤ ᠳᠠᠳᠬᠠᠯ ᠲᠠᠢ ᠪᠤᠯᠠᠬᠤ ᠬᠡᠷᠡᠭᠲᠡᠢ᠃ | ᠢᠩᠬᠢᠮᠡᠨᠵᠢᠨ ᠪᠢᠳᠡ ᠰᠠᠶ᠋ᠢ ᠬᠡᠦᠬᠡᠳ ᠤᠳ ᠲᠤ ᠳᠠᠭᠤᠷᠢᠶᠠᠯ ᠪᠤᠯᠵᠤ ᠴᠢᠳᠠᠨ᠎ᠠ᠃ ᠮᠢᠨᠦ ᠤᠩᠰᠢᠭᠰᠠᠨ ᠨᠤᠮ ᠴᠦᠭᠡᠨ | ᠪᠤᠯᠪᠠᠴᠤ ᠤᠩᠰᠢᠬᠤ ᠨᠤᠮ ᠨᠡᠯᠢᠶᠡᠳ ᠪᠠᠶᠢᠳᠠᠭ᠂ ᠪᠢ ᠦᠪᠡᠷ ᠢ ᠪᠠᠨ ᠤᠳᠤ ᠤᠩᠰᠢᠬᠤ ᠦᠭᠡᠢ ᠴᠦ ᠬᠦᠭᠰᠢᠷᠡᠭᠡᠳ | ᠠᠵᠢᠯ ᠠᠴᠠ ᠪᠠᠨ ᠪᠠᠭᠤᠭᠰᠠᠨ ᠬᠤᠶᠢᠨ᠎ᠠ ᠴᠠᠭ ᠢ ᠤᠩᠭᠡᠷᠡᠭᠡᠬᠦ ᠳᠤ ᠪᠠᠨ ᠤᠩᠰᠢᠬᠤ ᠪᠠᠶᠢᠯᠭᠦᠢ ᠭᠡᠵᠦ ᠪᠡᠶ᠎ᠡ ᠪᠠᠨ | ᠢᠳᠬᠠᠵᠤ᠂ ᠳᠤᠷᠠᠲᠠᠢ ᠨᠤᠮ ᠦᠵᠡᠪᠡᠯ ᠬᠤᠳᠠᠯᠳᠤᠨ ᠠᠪᠴᠤ ᠬᠤᠷᠭᠤᠨ ᠤ ᠮᠤᠬᠤᠷ ᠲᠤ ᠬᠤᠷᠢᠶᠠᠳᠠᠭ᠃ ᠲᠡᠭᠡᠬᠦᠯᠡᠷ | ᠪᠢ ᠪᠡᠶ᠎ᠡ ᠪᠠᠨ ᠱᠠᠭᠠᠷᠳᠠᠵᠤ᠂ ᠬᠤᠷᠢᠶᠠᠭᠰᠠᠨ ᠨᠤᠮ ᠢᠶᠠᠨ ᠭᠠᠷᠭᠠᠵᠤ ᠤᠩᠰᠢᠵᠤ ᠡᠬᠢᠯᠡᠯ᠎ᠡ᠃ ᠦᠪᠡᠷ ᠢᠶᠠᠨ | ᠭᠠᠳᠠᠭᠠᠳᠦ ᠶᠢᠨ ᠤᠷᠠᠨ ᠵᠤᠬᠢᠶᠠᠯ ᠤᠨ ᠲᠤᠬᠠᠢ ᠰᠤᠷᠤᠭᠰᠠᠨ ᠪᠤᠯᠬᠤᠷ ᠲᠡᠭᠦᠨ ᠳᠤ ᠪᠠᠭ᠋ᠠᠲᠠᠢ᠃ ᠠᠪᠤᠭᠰᠠᠨ ᠨᠤᠮ | ᠮᠢᠨᠢ ᠴᠦ ᠤᠯᠠᠩᠬᠢ ᠨᠢ ᠭᠠᠳᠠᠭᠠᠳᠤ ᠶᠢᠨ ᠠᠯᠳᠠᠷᠳᠤ ᠤᠷᠠᠨ ᠵᠤᠬᠢᠶᠠᠯᠴᠢᠳ ᠤᠨ ᠪᠦᠲᠦᠭᠡᠯ ᠶᠤᠮ᠃ ᠨᠢᠭᠡ ᠶᠢ ᠨᠢ | ᠭᠠᠷᠭᠠᠵᠤ ᠤᠩᠰᠢᠬᠤ ᠳᠤ ᠡᠬᠢᠯᠡᠩᠭᠦᠳᠡ ᠤᠯᠠᠨ ᠨᠡᠷᠡᠰ ᠢ ᠨᠢ ᠴᠡᠭᠡᠵᠢᠯᠡᠵᠦ ᠪᠠᠶᠢᠭᠠᠳ ᠬᠤᠳᠬᠤᠯᠳᠠᠳᠠᠭ ᠪᠠᠶᠢᠯ᠎ᠠ᠃ | ᠭᠡᠪᠡᠴᠦ ᠪᠡᠶ᠎ᠡ ᠪᠠᠨ ᠱᠠᠭᠠᠷᠳᠠᠨ ᠤᠩᠰᠢᠭᠰᠠᠭᠠᠷ ᠪᠠᠶᠢᠭᠠᠳ ᠵᠤᠬᠢᠶᠠᠯ ᠤᠨ ᠳᠤᠮᠳᠠ ᠬᠦᠷᠬᠦ ᠳᠤ ᠦᠪᠡᠷ ᠤᠨ ᠡᠷᠬᠡ | ᠦᠭᠡᠢ ᠨᠤᠮ ᠢᠶᠠᠨ ᠪᠠᠷᠢᠵᠤ᠂ ᠳᠠᠷᠠᠭᠠᠴᠢ ᠶᠢᠨ ᠡᠭᠦᠰᠬᠦ ᠶᠠᠪᠤᠳᠠᠯ ᠢ ᠰᠤᠨᠢᠭᠤᠴᠢᠯᠠᠨ ᠤᠩᠰᠢᠵᠤ᠂ ᠶᠠᠭ ᠯᠠ ᠺᠤᠷᠢᠶᠠ | ᠤᠯᠤᠰ ᠤᠨ ᠺᠢᠨᠤ᠋ ᠶᠢ ᠦᠵᠡᠭᠰᠡᠨ ᠰᠢᠭ ᠰᠠᠯᠵᠤ ᠴᠢᠳᠠᠬᠤ ᠦᠭᠡᠢ ᠪᠤᠯᠵᠤ᠂ ᠦᠵᠡᠵᠦ ᠪᠠᠷᠤᠮᠠᠨᠵᠢᠨ ᠰᠠᠶ᠋ᠢ ᠰᠠᠨᠠᠭ᠎ᠠ | ᠬᠠᠨᠤᠳᠠᠭ ᠪᠤᠯᠤᠯ᠎ᠠ᠃ ᠡᠨᠡ ᠪᠠᠶᠢᠳᠠᠯ ᠢᠶᠠᠨ ᠦᠵᠡᠭᠡᠳ ᠪᠢ ᠦᠪᠡᠷ ᠢᠶᠠᠨ ᠳᠠᠭᠤᠷᠢᠶᠠᠯ ᠪᠤᠯᠬᠤ ᠠᠴᠠ ᠭᠠᠳᠠᠨ᠎ᠠ | ᠬᠡᠦᠬᠡᠳ ᠤᠳ ᠲᠤ ᠴᠦ ᠲᠡᠳᠡᠨ ᠤ ᠤᠩᠰᠢᠬᠤ ᠪᠠᠭ᠋ᠠᠲᠠᠢ ᠨᠤᠮ ᠢ ᠡᠷᠢᠵᠦ ᠤᠩᠰᠢᠭᠤᠯᠪᠠᠯ ᠰᠠᠶ᠋ᠢ ᠪᠠᠬ᠎ᠠ ᠲᠠᠢ | ᠪᠤᠯᠭᠠᠵᠤ ᠴᠢᠳᠠᠬᠤ ᠶᠤᠮ ᠪᠠᠶᠢᠨ᠎ᠠ ᠭᠡᠵᠦ ᠤᠶᠢᠯᠠᠭᠠᠯ᠎ᠠ᠃ | ᠬᠤᠶᠠᠷ᠂ ᠨᠤᠮ ᠤᠩᠰᠢᠬᠤ ᠶᠢᠨ ᠴᠢᠬᠤᠯᠠ ᠴᠢᠨᠠᠷ ᠢ ᠮᠡᠳᠡᠬᠦ | ᠤᠯᠠᠩᠬᠢ ᠲᠤᠮᠤ ᠬᠦᠮᠦᠰ ᠨᠤᠮ ᠤᠩᠰᠢᠬᠤ ᠶᠢᠨ ᠴᠢᠬᠤᠯᠠ ᠴᠢᠨᠠᠷ ᠢ ᠪᠦᠷ ᠮᠡᠳᠡᠨ᠎ᠡ᠂ ᠭᠡᠬᠦ ᠳᠤ ᠡᠨᠡ ᠬᠦ | ᠶᠤᠰᠤ ᠶᠢ ᠪᠠᠰᠠ ᠬᠡᠦᠬᠡᠳ ᠤᠳ ᠲᠤ ᠮᠡᠳᠡᠭᠦᠯᠬᠦ ᠬᠡᠷᠡᠭᠲᠡᠢ᠃ ᠢᠪᠷᠠᠶᠢᠴᠤᠳ ᠤᠨ ᠡᠬᠡᠴᠤᠤᠯ ᠦᠪᠡᠷ ᠤᠨ | ᠬᠡᠦᠬᠡᠳ ᠢᠶᠠᠨ ᠨᠢᠯᠬ᠎ᠠ ᠪᠠᠭ᠎ᠠ ᠪᠠᠶᠢᠬᠤ ᠳᠤ ᠨᠢ ︽ᠠᠷᠢᠭᠤᠨ ᠨᠤᠮ︾ ᠢ ᠤᠩᠰᠢᠨ ᠦᠭᠴᠦ᠂ ᠪᠠᠭ᠎ᠠ ᠠᠴᠠ ᠨᠢ᠄ ︽ | ᠬᠡᠷᠪᠡ ᠭᠡᠷ ᠲᠤ ᠭᠠᠯ ᠭᠠᠷᠪᠠᠯ ᠶᠠᠭᠤ ᠪᠠᠨ ᠠᠪᠴᠤ ᠭᠦᠶᠦᠬᠦ ᠪᠤᠢ︖︾ ᠭᠡᠵᠦ ᠠᠰᠠᠭᠤᠬᠤ ᠳᠤ ᠬᠡᠷᠪᠡ ᠬᠡᠦᠬᠡᠳ | ᠨᠢ ᠵᠤᠭᠤᠰ ᠪᠤᠶᠤ ᠦᠭᠡᠷ᠎ᠡ ᠪᠤᠳᠠᠰ ᠢ ᠭᠡᠵᠦ ᠬᠡᠯᠡᠬᠦ ᠳᠤ ︽ᠶᠠᠭᠤᠨ ᠤ ᠤᠷᠢᠳ ᠨᠤᠮ ᠢᠶᠠᠨ ᠠᠪᠴᠤ ᠳᠤᠲᠠᠭ᠎ᠠ︾ | ᠭᠡᠵᠦ ᠰᠤᠷᠭᠠᠳᠠᠭ ᠭᠡᠵᠦ ᠪᠠᠶᠢᠯ᠎ᠠ᠃ ᠬᠡᠷᠪᠡ ᠳᠤᠮᠳᠠᠳᠤ ᠶᠢᠨ ᠡᠬᠡᠴᠤᠤᠯ ᠪᠠᠶᠢᠭᠰᠠᠨ ᠪᠤᠯ ᠶᠠᠭᠤ ᠭᠡᠵᠦ ᠰᠤᠷᠭᠠᠬᠤ ᠪᠤᠯ | ︖ ᠬᠡᠷᠪᠡ ᠪᠢᠳᠡ ᠪᠠᠶᠢᠭᠰᠠᠨ ᠪᠤᠯ ᠶᠠᠭᠤ ᠭᠡᠵᠦ ᠰᠤᠷᠭᠠᠬᠤ ᠪᠤᠯ︖ ︽ᠨᠤᠮ ᠢᠶᠠᠨ ᠠᠪ︾ ᠭᠡᠳᠡᠭ ᠨᠢ | ᠲᠦᠢᠯ ᠤᠨ ᠴᠦᠭᠡᠨ ᠪᠠᠶᠢᠬ᠎ᠠ᠃ ᠲᠡᠭᠡᠪᠡᠯ ᠨᠤᠮ ᠢᠯᠡᠬᠦᠦ ᠤᠩᠰᠢᠬᠤ ᠨᠢ ᠴᠤᠬᠤᠮ ᠶᠠᠮᠠᠷ ᠠᠰᠢᠭᠲᠠᠢ ᠪᠤᠢ︖ | ᠨᠤᠮ ᠤᠩᠰᠢᠬᠤ ᠶᠢᠨ ᠬᠠᠮᠤᠭ ᠤᠨ ᠰᠠᠶᠢᠨ ᠠᠰᠢᠭ ᠨᠢ ᠬᠦᠮᠦᠨ ᠤ ᠪᠡᠶ᠎ᠡ ᠰᠡᠳᠬᠢᠴᠡ ᠶᠢᠨ ᠡᠷᠡᠭᠦᠯ ᠢ | ᠰᠠᠶᠢᠵᠢᠷᠠᠭᠤᠯᠵᠤ᠂ ᠤᠯᠠᠨ ᠠᠷᠪᠢᠨ ᠮᠡᠳᠡᠯᠭᠡ ᠡᠵᠡᠮᠰᠢᠵᠤ᠂ ᠦᠪᠡᠷ ᠤᠨ ᠬᠠᠷᠠᠭ᠎ᠠ ᠪᠠᠨ ᠨᠡᠭᠡᠭᠡᠭᠳᠡᠭᠦᠯᠦᠨ᠎ᠡ᠃ | ᠴᠢᠨᠠᠭᠰᠢᠯᠠᠪᠠᠯ ᠨᠤᠮ ᠳᠤᠲᠤᠷᠠᠬᠢ ᠮᠡᠳᠡᠯᠭᠡ ᠪᠢᠳᠡᠨ ᠳᠤ ᠠᠮᠢᠳᠤᠷᠠᠯ ᠤᠨ ᠵᠦᠪ ᠵᠠᠮ ᠢ ᠰᠤᠩᠭᠤᠨ ᠦᠭᠴᠦ᠂ ᠬᠦᠮᠦᠨ | ᠲᠠᠢ ᠬᠠᠷᠢᠯᠴᠠᠬᠤ ᠠᠷᠭ᠎ᠠ ᠶᠢ ᠵᠢᠭᠠᠨ᠂ ᠬᠦᠴᠢᠷ ᠲᠤᠯᠭᠠᠷᠠᠬᠤ ᠦᠶᠡᠰ ᠲᠡᠭᠦᠨ ᠠᠴᠠ ᠵᠦᠪ ᠢᠶᠠᠷ ᠰᠢᠢᠳᠪᠦᠷᠢᠯᠡᠬᠦ | ᠠᠷᠭ᠎ᠠ ᠶᠢ ᠰᠡᠲᠦᠵᠦ ᠳᠡᠶᠢᠯᠦᠨ᠎ᠡ᠃ ᠨᠤᠮ ᠤᠩᠰᠢᠬᠤ ᠳᠤ ᠪᠠᠨ ᠪᠢᠳᠡ ᠦᠨᠦᠳᠦᠷ ᠤᠩᠰᠢᠭᠠᠳ ᠮᠠᠷᠭᠠᠰᠢ ᠬᠠᠶᠠᠵᠤ | ᠪᠤᠯᠬᠤ ᠦᠭᠡᠢ᠂ ᠬᠠᠷᠢᠨ ᠦᠷᠭᠦᠯᠵᠢ ᠤᠩᠰᠢᠨ ᠴᠠᠭ ᠢᠮᠠᠭᠲᠠ ᠦᠪᠡᠷ ᠤᠨ ᠪᠡᠶ᠎ᠡ ᠳᠤ ᠪᠠᠨ ︽ᠡᠨᠧᠷᠬᠢ︾ ᠨᠡᠮᠡᠬᠦ | ᠬᠡᠷᠡᠭᠲᠡᠢ᠃ ᠡᠳᠡᠭᠡᠷ ᠶᠤᠰᠤ ᠶᠢ ᠠᠬᠠᠮᠠᠳ ᠪᠤᠶᠤ ᠪᠠᠭᠰᠢ ᠪᠤᠯᠤᠭᠰᠠᠨ ᠪᠢᠳᠡ ᠯᠠ ᠬᠡᠦᠬᠡᠳ ᠤᠳ ᠲᠤ ᠪᠠᠨ ᠬᠡᠯᠡᠵᠦ | ᠰᠤᠷᠭᠠᠬᠤ ᠠᠴᠠ ᠪᠢᠰᠢ ᠪᠢᠴᠢᠬᠠᠨ ᠨᠦᠭᠦᠳ ᠤᠳ ᠦᠪᠡᠷ ᠢᠶᠠᠨ ᠶᠠᠭᠠᠬᠢᠭᠰᠠᠨ ᠮᠡᠳᠡᠵᠦ ᠤᠶᠢᠯᠠᠭᠠᠵᠤ ᠳᠡᠶᠢᠯᠬᠦ ᠪᠢᠯᠡ︕ | | ᠭᠤᠷᠪᠠ᠂ ᠰᠠᠶᠢᠨ ᠨᠤᠮ ᠤᠩᠰᠢᠬᠤ ᠪᠦᠭᠡᠳ ᠬᠤᠷᠳᠤᠴᠠ ᠲᠠᠢ ᠤᠩᠰᠢᠬᠤ | ᠨᠤᠮ ᠤᠩᠰᠢᠬᠤ ᠳᠤ ᠪᠢᠳᠡ ᠳᠤᠷ᠎ᠠ ᠪᠠᠬ᠎ᠠ ᠠᠴᠠ ᠡᠬᠢᠯᠡᠳᠡᠭ᠃ ᠨᠢᠭᠡ ᠰᠠᠶᠢᠨ ᠨᠤᠮ ᠤᠩᠰᠢᠵᠤ | ᠳᠠᠭᠤᠰᠤᠭᠰᠠᠨ ᠤ ᠬᠤᠶᠢᠨ᠎ᠠ ᠪᠢᠳᠡᠨ ᠤ ᠰᠡᠳᠬᠢᠯ ᠶᠡᠭᠡ ᠬᠠᠨᠤᠮᠵᠢᠲᠠᠢ ᠪᠠᠶᠢᠳᠠᠭ᠃ ᠤᠩᠰᠢᠬᠤ ᠳᠤ ᠪᠠᠨ ᠡᠷᠬᠡᠪᠰᠢ | ᠰᠠᠶᠢᠨ ᠨᠤᠮ ᠤᠩᠰᠢᠬᠤ ᠬᠡᠷᠡᠭᠲᠡᠢ᠃ ᠳᠠᠷᠠᠭ᠎ᠠ ᠨᠢ ᠪᠢᠳᠡ ᠨᠤᠮ ᠤᠩᠰᠢᠬᠤ ᠰᠠᠶᠢᠨ ᠠᠷᠭ᠎ᠠ ᠰᠦᠪᠡᠭᠴᠢᠯᠡᠬᠦ | ᠬᠡᠷᠡᠭᠲᠡᠢ᠃ ᠬᠡᠷᠪᠡ ᠤᠩᠰᠢᠬᠤ ᠠᠷᠭ᠎ᠠ ᠨᠢ ᠵᠦᠪ ᠪᠤᠰᠤ ᠪᠤᠯ ᠶᠠᠪᠤᠬᠤ ᠲᠤᠲᠤᠮ ᠪᠠᠬ᠎ᠠ ᠪᠠᠨ ᠠᠯᠳᠠᠵᠤ᠂ | ᠴᠢᠨᠠᠭᠰᠢᠯᠠᠪᠠᠯ ᠨᠤᠮ ᠤᠩᠰᠢᠬᠤ ᠠᠴᠠ ᠪᠠᠨ ᠵᠢᠭᠰᠢᠬᠦ ᠪᠠᠶᠢᠳᠠᠯ ᠢᠯᠡᠷᠡᠨ᠎ᠡ᠃ ᠤᠯᠠᠨ ᠬᠦᠮᠦᠰ ᠨᠤᠮ ᠤᠩᠰᠢᠬᠤ ᠴᠠᠭ | ᠦᠭᠡᠢ ᠪᠤᠶᠤ ᠨᠤᠮ ᠤᠩᠰᠢᠬᠤ ᠦᠷ᠎ᠡ ᠪᠦᠲᠦᠮᠵᠢ ᠪᠠᠷ ᠠᠨᠠᠢ ᠪᠠᠶᠢᠳᠠᠭ᠃ ︽ᠬᠤᠷᠳᠤᠴᠠ ᠲᠠᠢ ᠤᠩᠰᠢᠬᠤ︾ ᠪᠤᠯ | ᠨᠢᠭᠡ ᠵᠦᠢᠯ ᠤᠨ ᠰᠢᠨᠵᠢᠯᠡᠬᠦ ᠤᠬᠠᠭᠠᠨᠴᠢ ᠠᠷᠭ᠎ᠠ ᠶᠤᠮ᠃ ᠡᠨᠡ ᠠᠷᠭ᠎ᠠ ᠶᠢ ᠪᠢ ᠰᠦᠯᠵᠢᠶᠡᠨ ᠳᠡᠭᠡᠷ᠎ᠡ ᠠᠴᠠ ᠤᠯᠵᠤ | ᠦᠵᠡᠭᠰᠡᠨ᠃ ᠲᠡᠷᠡ ᠨᠢ ᠪᠢᠳᠡᠨ ᠤ ᠨᠢᠳᠦᠯᠡᠨ ᠤᠩᠰᠢᠵᠤ ᠤᠶᠢᠯᠠᠭᠠᠬᠤ ᠴᠢᠬᠤᠯᠠᠲᠠᠢ ᠪᠢᠴᠢᠭ ᠮᠠᠲ᠋ᠧᠷᠢᠶᠠᠯ ᠢ | ᠰᠢᠭᠤᠳ ᠲᠠᠷᠢᠬᠢᠨ ᠵᠦᠭ ᠤᠳᠬᠠᠴᠢᠯᠠᠨ ᠬᠤᠪᠢᠷᠠᠭᠤᠯᠳᠠᠭ᠃ ᠦᠭᠡᠷ᠎ᠡ ᠪᠠᠷ ᠬᠡᠯᠡᠪᠡᠯ ᠨᠢᠳᠦᠨ ᠠᠴᠠ ᠲᠠᠷᠢᠬᠢᠨ ᠳᠤ | ᠰᠢᠭᠤᠳ ᠰᠡᠲᠡᠯᠲᠡ ᠦᠭᠴᠦ᠂ ᠲᠦᠢᠯ ᠤᠨ ᠬᠤᠷᠳᠤᠨ ᠢᠶᠠᠷ ᠤᠩᠰᠢᠭᠤ ᠶᠢᠨ ᠢᠶᠠᠨ ᠭᠤᠤᠯ ᠶᠢ ᠨᠢ ᠠᠳᠬᠤᠨ | ᠰᠠᠨᠠᠭ᠎ᠠ ᠶᠢ ᠤᠶᠢᠯᠠᠭᠠᠵᠤ ᠴᠢᠳᠠᠨ᠎ᠠ ᠭᠡᠵᠦ ᠲᠠᠨᠢᠯᠴᠠᠭᠤᠯᠵᠤ ᠪᠠᠶᠢᠯ᠎ᠠ᠃ ᠬᠡᠷᠪᠡ ᠢᠩᠬᠢᠵᠤ ᠤᠩᠰᠢᠬᠤ ᠠᠷᠭ᠎ᠠ ᠶᠢ | ᠪᠢᠳᠡ ᠦᠪᠡᠷ ᠢᠶᠠᠨ ᠰᠤᠷᠤᠯᠴᠠᠭᠠᠳ ᠴᠢᠨᠠᠭᠰᠢ ᠰᠤᠷᠤᠭᠴᠢᠳ ᠲᠤ ᠪᠠᠨ ᠮᠡᠳᠡᠭᠦᠯᠵᠦ ᠴᠢᠳᠠᠪᠠᠯ ᠶᠡᠷᠦ ᠳᠤ ᠪᠠᠨ | ᠬᠡᠳᠦᠨ ᠡᠳᠦᠷ ᠤᠩᠰᠢᠳᠠᠭ ᠨᠤᠮ ᠢ ᠬᠡᠳᠦᠨ ᠴᠠᠭ ᠳᠤᠲᠤᠷ᠎ᠠ ᠯᠠ ᠤᠩᠰᠢᠵᠤ ᠪᠠᠷᠠᠵᠤ ᠳᠡᠶᠢᠯᠦᠨ᠎ᠡ᠃ ᠢᠩᠭᠢᠪᠡᠯ | ᠪᠢᠳᠡᠨ ᠤ ᠤᠩᠰᠢᠬᠤ ᠳᠤᠷ᠎ᠠ ᠪᠠᠬ᠎ᠠ ᠨᠡᠮᠡᠭᠳᠡᠨ᠂ ᠤᠩᠰᠢᠯᠭ᠎ᠠ ᠶᠢᠨ ᠦᠷ᠎ᠡ ᠪᠦᠲᠦᠮᠵᠢ ᠨᠢ ᠴᠦ ᠰᠠᠶᠢᠵᠢᠷᠠᠵᠤ᠂ | ᠤᠶᠢᠯᠠᠭᠠᠬᠤ ᠴᠢᠳᠠᠪᠤᠷᠢ ᠨᠢ ᠪᠠᠰᠠ ᠮᠠᠰᠢ ᠲᠦᠷᠭᠡᠨ ᠢᠶᠠᠷ ᠳᠡᠭᠡᠭᠰᠢᠯᠡᠵᠦ ᠴᠢᠳᠠᠨ᠎ᠠ᠃ | ᠨᠤᠮ ᠤᠩᠰᠢᠬᠤ ᠳᠠᠳᠬᠠᠯ ᠲᠠᠢ ᠪᠤᠯᠤᠶ᠎ᠠ ᠪᠢᠳᠡ ᠪᠦᠭᠦᠳᠡᠭᠡᠷ︕ ᠨᠤᠮ ᠤᠩᠰᠢᠬᠤ ᠨᠢ ᠪᠢᠳᠡᠨ ᠳᠤ | ᠬᠤᠤᠷᠲᠤ ᠲᠠᠯ᠎ᠠ ᠶᠡᠷᠦ ᠠᠴᠠ ᠪᠠᠶᠢᠳᠠᠭ ᠦᠭᠡᠢ᠃ ᠨᠤᠮ ᠤᠩᠰᠢᠬᠤ ᠳᠠᠳᠬᠠᠯ ᠲᠠᠢ ᠪᠤᠯᠴᠢᠬᠠᠪᠠᠯ ᠪᠢᠳᠡ | ᠠᠮᠢᠳᠤᠷᠠᠯ ᠤᠨ ᠢᠶᠠᠨ ᠠᠯᠢᠪᠠ ᠬᠦᠴᠢᠷ ᠶᠠᠪᠤᠳᠠᠯ ᠠᠴᠠ ᠵᠠᠶᠢᠯᠠᠰᠬᠢᠬᠤ ︽ᠵᠢᠷᠭᠠᠯ ᠤᠨ ᠭᠡᠷ ᠤᠷᠤᠨ︾ ᠲᠠᠢ | ᠪᠤᠯᠤᠭᠰᠠᠨ ᠲᠠᠢ ᠠᠳᠠᠯᠢ᠃ ᠪᠠᠭᠰᠢ᠂ ᠰᠤᠷᠤᠭᠴᠢ᠂ ᠭᠡᠷ ᠤᠨ ᠠᠬᠠᠮᠠᠳ ᠁ ᠬᠡᠨ ᠴᠦ ᠭᠡᠰᠡᠨ ᠡᠶᠢᠮᠦ ᠰᠠᠶᠢᠬᠠᠨ | ᠳᠠᠳᠬᠠᠯ ᠲᠠᠢ ᠪᠤᠯᠵᠤ ᠴᠢᠳᠠᠨ᠎ᠠ᠃ ᠪᠢᠳᠡᠨ ᠳᠤ ᠬᠠᠮᠤᠭ ᠠᠴᠠ ᠳᠤᠲᠠᠭᠳᠠᠵᠤ ᠪᠠᠶᠢᠭ᠎ᠠ ᠪᠤᠯ ᠡᠨᠡ ᠨᠢᠭᠡᠨ | ᠳᠠᠳᠬᠠᠯ ᠢᠶᠠᠨ ᠪᠠᠷᠢᠮᠲᠠᠯᠠᠬᠤ ᠶᠠᠪᠤᠳᠠᠯ ᠪᠤᠯᠤᠨ᠎ᠠ᠃ ᠪᠢᠳᠡ ᠪᠦᠭᠦᠳᠡᠭᠡᠷ ᠢᠶᠠᠨ ᠠᠮᠢᠳᠤᠷᠠᠯ ᠤᠨ ᠢᠶᠠᠨ ᠬᠦᠴᠢᠷ ᠢ | ᠳᠤᠭᠤᠯᠬᠤ ᠶᠢᠨ ᠲᠤᠰᠠᠳᠠ᠂ ᠦᠪᠡᠷ ᠤᠨ ᠢᠶᠠᠨ ᠮᠡᠳᠡᠯᠭᠡ ᠰᠤᠷᠳᠠᠯ ᠢᠶᠠᠨ ᠤᠯᠠᠮ ᠳᠡᠭᠡᠭᠰᠢᠯᠡᠭᠦᠯᠬᠦ ᠶᠢᠨ ᠲᠤᠰᠠᠳᠠ᠂ | ᠦᠪᠡᠷ ᠤᠨ ᠢᠶᠠᠨ ᠬᠠᠷᠠᠴᠠ ᠪᠠᠨ ᠦᠷᠭᠡᠳᠭᠡᠬᠦ ᠶᠢᠨ ᠲᠤᠰᠠᠳᠠ᠂ ᠴᠢᠨᠠᠭᠰᠢᠯᠠᠪᠠᠯ ᠦᠨᠳᠦᠰᠦᠲᠡᠨ ᠤ ᠪᠠᠨ | ᠢᠷᠡᠭᠡᠳᠦᠢ ᠶᠢᠨ ᠲᠤᠰᠠᠳᠠ ᠦᠪᠡᠷ ᠢ ᠪᠠᠨ ᠴᠢᠩᠭ᠎ᠠ ᠱᠠᠭᠠᠷᠳᠠᠵᠤ᠂ ᠦᠷᠭᠦᠯᠵᠢᠳᠡ ᠨᠤᠮ ᠤᠩᠰᠢᠬᠤ ᠳᠠᠳᠬᠠᠯ ᠲᠠᠢ | ᠪᠤᠯᠬᠤ ᠪᠠᠷ ᠴᠢᠷᠮᠠᠶᠢᠵᠠᠭᠠᠶ᠎ᠠ︕ | | | ᠡᠵᠡᠨ ᠬᠤᠷᠤᠭ᠎ᠠ ᠬᠤᠰᠢᠭᠤᠨ ᠤ ᠮᠣᠩᠭᠤᠯ ᠪᠠᠭ᠎ᠠ ᠰᠤᠷᠭᠠᠭᠤᠯᠢ ᠶᠢᠨ ᠤᠶᠠᠬᠠᠨ | | | | |