ᠲᠠᠶᠢᠯᠠᠬᠤ ᠶᠣᠰᠣᠨ | ᠮᠤᠩᠭᠤᠯᠴᠤᠳ ᠰᠠᠨᠠᠭ᠎ᠠ ᠰᠡᠳᠬᠢᠯ ᠴᠡᠪᠡᠷ ᠠᠷᠢᠭᠤᠨ᠂ ᠪᠠᠶᠢᠭᠠᠯᠢ ᠬᠦᠮᠦᠨ ᠡᠶᠡᠯᠰᠡᠭ ᠪᠠᠶᠢᠳᠠᠭ ᠢᠶᠠᠷ ᠢᠶᠠᠨ | ᠬᠠᠯᠠᠭᠤᠨ ᠰᠡᠳᠬᠢᠯᠲᠤ ᠬᠦᠮᠦᠰ ᠭᠡᠮᠡᠨ ᠬᠦᠨ᠎ᠡ ᠠᠯᠳᠠᠷᠰᠢᠵᠠᠢ᠃ ᠬᠡᠶᠢᠴᠢᠨ ᠵᠣᠴᠢᠨ ᠬᠡᠷᠡᠯᠳᠦᠬᠦᠯᠦᠨ ᠪᠠᠭᠤᠬᠤ ᠳᠤ | ᠭᠡᠷ ᠤᠨ ᠡᠵᠡᠨ ᠦᠪᠡᠷ ᠢᠶᠠᠨ ᠤᠭᠳᠤᠨ ᠭᠡᠷ ᠲᠤ ᠪᠠᠨ ᠤᠷᠢᠨ ᠲᠠᠶᠢᠯᠠᠬᠤ ᠶᠤᠰᠤᠨ ᠢ ᠬᠦᠢᠴᠡᠳᠭᠡᠳᠡᠭ᠃ ᠴᠠᠢ ᠶᠢᠨ | ᠵᠦᠢᠯ ᠭᠡᠮᠡᠨ ᠬᠠᠭᠤᠷᠤᠭᠰᠠᠨ ᠠᠮᠤ᠂ ᠪᠤᠭᠤᠷᠰᠤᠭ᠂ ᠴᠢᠨᠠᠭᠰᠢᠯᠠᠨ ᠮᠢᠬ᠎ᠠ ᠬᠢᠭᠡᠳ ᠴᠠᠭᠠᠨ ᠢᠳᠡᠭᠡ ᠪᠠᠨ ᠡᠮᠬᠢ | ᠵᠠᠮᠪᠠᠷᠠᠭ᠎ᠠ ᠲᠠᠢ ᠦᠷᠦᠵᠦ᠂ ᠰᠦ ᠲᠡᠭᠡᠵᠢ ᠪᠠᠨ ᠲᠡᠭᠡᠵᠢᠯᠡᠨ ᠪᠠᠷᠢᠬᠤ ᠨᠢ ᠲᠡᠷᠢᠬᠦᠨ ᠴᠢᠬᠤᠯᠠ ᠦᠢᠯᠡ ᠪᠢᠯᠡ᠃ ᠴᠠᠢ | ᠠᠮᠰᠠᠭᠰᠠᠨ ᠤ ᠲᠠᠷᠠᠭ᠎ᠠ ᠤᠯᠠᠭᠠᠨ ᠢᠳᠡᠭᠡ᠂ ᠬᠤᠭᠤᠯᠠᠨ ᠤ ᠵᠦᠢᠯ ᠭᠡᠮᠡᠨ ᠲᠡᠰ ᠲᠠᠷᠠᠭ᠎ᠠ ᠲᠠᠢ ᠭᠠᠷᠭᠠᠵᠤ᠂ ᠠᠷᠢᠬᠢ | ᠰᠠᠷᠬᠤᠳ ᠭᠡᠮᠨᠡᠨ ᠠᠶ᠎ᠠ ᠲᠠᠭᠤᠤ ᠰᠤᠨᠤᠷᠳᠠᠭᠤᠯᠤᠨ᠂ ᠲᠠᠶᠢᠯᠠᠬᠤ ᠨᠠᠶᠢᠷ ᠪᠣᠯᠳᠠᠭ᠃ ᠵᠣᠴᠢᠨ ᠠᠶᠠᠷᠯᠠᠬᠤ ᠳᠤ ᠭᠡᠷ | ᠲᠠᠶᠠᠭᠠᠷ ᠢᠶᠠᠨ ᠦᠳᠡᠨ ᠮᠤᠷᠳᠠᠭᠤᠯᠵᠤ᠂ ᠲᠦᠷᠦᠭᠡ ᠴᠢᠩᠭᠠᠯᠠᠬᠤ ᠭᠡᠮᠡᠨ ᠴᠡᠭᠡ ᠪᠣᠶᠣ ᠰᠦ ᠲᠠᠢ ᠴᠠᠢ ᠪᠠᠷᠢᠵᠦ᠂ | ᠠᠶᠠᠨ ᠵᠠᠮ ᠤᠨ ᠠᠮᠤᠷ ᠮᠡᠨᠳᠦ ᠶᠢ ᠨᠢ ᠢᠷᠦᠭᠡᠨ ᠪᠡᠯᠭᠡᠳᠡᠭᠡᠳ ᠲᠠᠶᠢᠯᠠᠬᠤ ᠶᠣᠰᠣᠨ ᠬᠦᠢᠴᠡᠳ ᠲᠠᠭᠤᠰᠳᠠᠭ᠃ | ︽ᠰᠢᠪᠠᠭᠤ ᠥᠳᠦ ᠪᠠᠨ ᠬᠠᠶᠢᠷᠠᠯᠠᠵᠤ᠂ ᠬᠦᠮᠦᠨ ᠨᠢᠭᠤᠷ ᠢᠶᠠᠨ ᠪᠤᠳᠤᠨ᠎ᠠ︾ ᠭᠡᠳᠡᠭᠴᠢᠯᠡᠨ᠂ ᠶᠣᠰᠣ | ᠠᠯᠳᠠᠬᠤ ᠶᠢ ᠮᠤᠩᠭᠤᠯᠴᠤᠳ ᠬᠠᠮᠤᠭ ᠤᠨ ᠶᠡᠭᠡ ᠡᠯᠡᠭ ᠭᠡᠮᠡᠨ ᠦᠵᠡᠳᠡᠭ᠃ | ᠮᠣᠩᠭᠤᠯ ᠠᠶᠢᠯ ᠳᠤ ᠵᠤᠴᠢᠯᠠᠪᠠᠯ ᠶᠠᠭᠤᠨ ᠤ ᠡᠮᠦᠨ᠎ᠡ ᠠᠮᠤᠷ ᠡᠷᠢᠬᠦ ᠬᠡᠷᠡᠭᠳᠡᠢ᠂ ᠨᠠᠰᠤᠳᠠᠨ ᠪᠠᠶᠢᠪᠠᠯ | ᠤᠷᠢᠳᠠᠪᠡᠷ ᠨᠠᠰᠤᠳᠠᠨ ᠤ ᠠᠮᠤᠷ ᠢ ᠡᠷᠢᠵᠦ᠂ ᠭᠡᠷ ᠤᠨ ᠡᠵᠡᠨ ᠴᠠᠢ ᠠᠶᠠᠭᠠᠯᠠᠪᠠᠯ ᠬᠤᠶᠠᠷ ᠭᠠᠷ ᠢᠶᠠᠷ ᠢᠶᠠᠨ ᠪᠣᠶᠣ | ᠪᠠᠷᠠᠭᠤᠨ ᠭᠠᠷ ᠢᠶᠠᠷ ᠢᠶᠠᠨ ᠲᠤᠰᠴᠦ ᠠᠪᠬᠤ ᠶᠤᠰᠤᠳᠠᠢ᠃ ᠴᠠᠢ ᠠᠮᠰᠠᠭᠰᠠᠨ ᠤ ᠲᠠᠷᠠᠭ᠎ᠠ ᠢᠷᠡᠭᠰᠡᠨ ᠵᠤᠴᠢᠨ ᠲᠡᠭᠡᠵᠡᠢ | ᠪᠡᠯᠡᠭ ᠢᠶᠠᠨ ᠲᠠᠯᠪᠢᠵᠤ ᠪᠤᠯᠳᠠᠭ᠃ ᠬᠤᠭᠤᠯᠠ ᠪᠤᠳᠠᠭ᠎ᠠ ᠢᠳᠡᠬᠦ ᠳᠡᠭᠡᠨ ᠨᠠᠮ ᠲᠠᠶᠢᠪᠤᠡᠭ ᠪᠠᠶᠢᠬᠤ ᠪᠦᠭᠡᠳ | ᠬᠦᠷᠳᠡᠭᠰᠡᠨ ᠤ ᠲᠠᠷᠠᠭ᠎ᠠ ︽ᠰᠠᠶᠢᠨ ᠬᠦᠷᠳᠡᠯ᠎ᠡ︕ ᠰᠠᠶᠢᠨ ᠬᠤᠭᠤᠯᠠ ᠪᠤᠯᠤᠭᠰᠠᠨ︾ ᠮᠡᠳᠦᠴᠢᠯᠡᠨ ᠬᠠᠷᠢᠭᠤ | ᠲᠠᠯᠠᠷᠬᠠᠳᠠᠭ᠃ ᠠᠶᠠᠷᠯᠠᠬᠤ ᠳᠠᠭᠠᠨ ᠦᠳᠡᠯᠭᠡ ᠶᠢᠨ ᠴᠠᠢ ᠭᠡᠵᠦ ᠠᠮᠰᠠᠬᠤ ᠪᠦᠭᠡᠳ᠂ ᠭᠡᠷ ᠤᠨ ᠡᠵᠡᠨ ᠢ ᠭᠡᠷ ᠲᠡᠭᠡᠨ | ᠤᠴᠢᠭᠠᠷᠠᠢ ᠭᠡᠵᠦ ᠤᠷᠢᠯᠭ᠎ᠠ ᠲᠠᠯᠪᠢᠵᠤ᠂ ᠰᠠᠶᠢᠨ ᠰᠠᠶᠢᠬᠠᠨ ᠰᠠᠭᠠᠳᠠᠵᠦ ᠪᠠᠶᠢᠭᠠᠷᠠᠢ ᠭᠡᠵᠦ ᠪᠡᠯᠭᠡ ᠲᠠᠮᠪᠡᠷᠢᠯ ᠲᠠᠢ | ᠢᠷᠦᠭᠡᠯ ᠤᠨ ᠦᠭᠡ ᠬᠡᠯᠡᠳᠡᠭ᠃ | | | | | | | | |