ᠦᠨᠦᠴᠢᠨ ᠬᠡᠤᠬᠡᠨ
ᠨᠡᠶᠢᠲᠡᠯᠡᠭᠰᠡᠨ ᠴᠠᠭ᠄
2020/12/15
ᠪᠡᠬᠡᠵᠢᠩ ᠬᠡᠭᠴᠢ ᠬᠤᠳᠠ ᠳᠤ ᠪᠢᠳᠠᠷᠯᠠᠨ ᠵᠠᠰᠠᠭᠰᠠᠨ ᠭᠤᠤ ᠯᠠ ᠶᠤᠮ ᠪᠡᠶ᠎ᠡ ᠵᠡᠷᠬᠡ ᠬᠦᠷᠬᠦ ᠳᠤ ᠵᠡᠬᠦᠶ᠎ᠡ ᠬᠡᠰᠡᠨ ᠭᠤᠤ ᠶᠤᠮ      ᠨᠠᠨᠵᠢᠩ ᠬᠡᠭᠴᠢ ᠬᠤᠳᠠ ᠳᠤ      ᠨᠠᠶᠢᠷᠠᠭᠤᠯᠵᠤ ᠬᠢᠭᠰᠡᠨ ᠭᠤᠤ ᠶᠤᠮ      ᠨᠠᠶᠢᠷ ᠶᠤ᠋ ᠬᠤᠷᠢᠮ ᠳᠤ ᠶᠠᠪᠤᠬᠤ ᠳᠤ      ᠵᠡᠬᠦᠶ᠎ᠡ ᠬᠡᠰᠡᠨ ᠭᠤᠤ ᠶᠤᠮ ᠰᠢᠩ ᠴᠧᠩ ᠬᠡᠭᠴᠢ ᠬᠤᠳᠠ ᠳᠤ ᠰᠢᠵᠢᠷᠯᠠᠵᠤ ᠵᠠᠰᠠᠭᠰᠠᠨ ᠭᠤᠤ ᠶᠤᠮ ᠰᠢᠨ᠎ᠡ ᠵᠢᠯ ᠤᠨ ᠪᠠᠶᠠᠷ ᠲᠠᠭᠠᠨ ᠵᠡᠬᠦᠶ᠎ᠡ ᠬᠡᠰᠡᠨ ᠭᠤᠤ ᠶᠤᠮ      ᠠᠪᠳᠠᠷ᠎ᠠ ᠳᠤ ᠮᠢᠨᠢ ᠪᠠᠶᠢᠬᠤ ᠳᠤ      ᠠᠯᠳᠠᠨ ᠰᠢᠷᠠᠭᠰᠠᠨ ᠭᠤᠤ ᠶᠤᠮ      ᠠᠬ᠎ᠠ ᠪᠡᠷᠬᠡᠨ ᠬᠤᠶᠠᠷ ᠮᠢᠨᠢ      ᠠᠵᠢᠶᠠᠷᠠᠵᠤ ᠦᠨᠦᠬᠢ ᠶᠢ ᠦᠵᠡᠪᠡ ᠤᠤ ᠠᠳᠤᠭᠤᠨ ᠤ ᠮᠢᠨᠢ ᠪᠡᠯᠴᠢᠬᠡᠷ ᠠᠬᠢᠳᠤ ᠨᠤᠭᠤᠬᠠᠨ ᠡᠪᠡᠰᠦ ᠰᠢᠤ ᠠᠳᠠᠯᠢ ᠦᠬᠡᠢ ᠶᠠᠷᠢᠳᠠᠭ ᠠᠬ᠎ᠠ ᠪᠡᠷᠬᠡᠨ ᠬᠤᠶᠠᠷ ᠰᠢᠤ      ᠢᠮᠠᠭᠠᠨ ᠤ ᠮᠢᠨᠢ ᠪᠡᠯᠴᠢᠬᠡᠷ      ᠶᠠᠰᠢᠯᠳᠤ ᠪᠠᠯᠠᠷ ᠤᠨ ᠡᠪᠡᠰᠦ ᠰᠢᠤ      ᠶᠠᠩᠵᠤ ᠪᠦᠷᠢ ᠪᠠᠷ ᠶᠠᠷᠢᠳᠠᠭ      ᠠᠬ᠎ᠠ ᠪᠡᠷᠬᠡᠨ ᠬᠤᠶᠠᠷ ᠰᠢᠤ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号