ᠬᠦᠭᠵᠢᠯ ᠪᠠᠳᠠᠷᠠᠭᠰᠠᠨ ᠦᠨᠳᠦᠰᠦᠳᠡᠨ ᠤ ᠰᠤᠷᠭᠠᠨ ᠬᠦᠮᠦᠵᠢᠯ  ᠡᠵᠡᠨ ᠬᠤᠷᠤᠭ᠎ᠠ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ
ᠨᠡᠶᠢᠲᠡᠯᠡᠭᠰᠡᠨ ᠴᠠᠭ᠄
2020/12/1
 
                             
     ᠡᠵᠡᠨ ᠬᠤᠷᠤᠭ᠎ᠠ ᠬᠤᠰᠢᠭᠤᠨ ᠤ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠨᠢ ᠲᠠᠷᠤᠢ ᠤᠤᠯ ᠤᠨ ᠵᠢᠶᠦ᠋ᠨ ᠸᠠᠩ ᠬᠤᠰᠢᠭᠤᠨ ᠤ ᠪᠠᠭ᠎ᠠ ᠰᠤᠷᠭᠠᠭᠤᠯᠢ ᠪᠤᠯᠬᠤ ᠶᠤᠮ᠃ ᠲᠡᠷᠡ ᠨᠢ 1926 ᠤᠨ ᠳᠤ ᠲᠤᠬᠠᠢ ᠶᠢᠨ ᠦᠶ᠎ᠡ ᠶᠢᠨ ᠰᠡᠭᠡᠭᠡᠳᠡᠨ ᠨᠤᠶᠠᠳ ᠲᠦᠰᠢᠮᠡᠳ᠂ ᠮᠠᠶᠢᠷᠠᠨ᠂ ᠲᠤᠰᠠᠯᠠᠭᠴᠢ ᠨᠠᠷ ᠤᠨ ᠢᠳᠡᠪᠬᠢᠳᠡᠢ ᠴᠢᠷᠮᠠᠶᠢᠯᠭ᠎ᠠ ᠪᠠᠷ ᠬᠠᠮᠤᠭ ᠠᠩᠬᠠᠨ ᠳᠤ ᠮᠤᠩᠭᠤᠯ ᠬᠢᠳᠡᠳ ᠨᠡᠶᠢᠳᠡ 28 ᠨᠡᠷ᠎ᠡ ᠰᠤᠷᠤᠭᠴᠢ ᠲᠠᠢ ᠰᠤᠷᠭᠠᠭᠤᠯᠢ ᠪᠤᠯᠵᠤ ᠪᠠᠶᠢᠭᠤᠯᠤᠭᠳᠠᠭᠰᠠᠨ ᠪᠢᠯᠡ᠃ ᠴᠠᠭ ᠵᠢᠯ ᠤᠨ ᠭᠠᠴᠢᠭ᠂ ᠲᠤᠬᠠᠢ ᠶᠢᠨ ᠨᠡᠶᠢᠭᠡᠮ ᠤᠨ ᠦᠢᠮᠡᠭᠡᠨ ᠲᠡᠪᠵᠢᠶᠡᠨ ᠠᠴᠠ ᠪᠤᠯᠵᠤ ᠰᠤᠷᠭᠠᠭᠤᠯᠢ ᠨᠢ ᠬᠡᠳᠦ ᠤᠳᠠᠭ᠎ᠠ ᠰᠤᠷᠤᠯᠭ᠎ᠠ ᠵᠤᠭᠰᠤᠭᠰᠠᠨ ᠪᠤᠯᠪᠴᠤ᠂ ᠬᠠᠯᠠᠭᠤᠨ ᠰᠡᠳᠬᠢᠯᠳᠦ ᠬᠦᠮᠦᠰ ᠤᠨ ᠴᠤᠴᠠᠯᠳᠠ ᠦᠭᠡᠢ ᠴᠢᠷᠮᠠᠶᠢᠯᠭ᠎ᠠ ᠪᠠᠷ ᠮᠠᠰᠢ ᠲᠦᠷᠭᠡᠨ ᠰᠤᠷᠭᠠᠭᠤᠯᠢ ᠪᠠᠨ ᠰᠡᠷᠭᠦᠭᠡᠨ᠂ ᠰᠤᠷᠤᠯᠭ᠎ᠠ ᠬᠢᠴᠢᠶᠡᠯ ᠢ ᠪᠠᠨ ᠦᠷᠭᠦᠯᠵᠢᠯᠡᠭᠦᠯᠦᠭᠰᠡᠭᠡᠷ ᠢᠷᠡᠭᠰᠡᠨ ᠪᠠᠶᠢᠨ᠎ᠠ᠃ 1953 ᠤᠨ ᠳᠤ ᠨᠠᠮ ᠤᠨ ᠦᠨᠳᠦᠰᠦᠳᠡᠨ ᠤ ᠲᠦᠷᠦ ᠶᠢᠨ ᠪᠤᠳᠤᠯᠭ᠎ᠠ ᠶᠢᠨ ᠲᠤᠶᠠᠭᠠᠯᠠᠯ ᠢᠶᠠᠷ ᠮᠤᠩᠭᠤᠯ ᠬᠢᠳᠠᠳ ᠬᠤᠶᠠᠷ ᠪᠦᠷᠢᠨ ᠪᠠᠭ᠎ᠠ ᠰᠤᠷᠭᠠᠭᠤᠯᠢ ᠪᠤᠯᠵᠤ᠂ ᠮᠤᠩᠭᠤᠯ ᠪᠦᠷᠢᠨ ᠪᠠᠭ᠎ᠠ ᠰᠤᠷᠭᠠᠭᠤᠯᠢ ᠨᠢ 5 ᠠᠩᠬᠢ ᠲᠠᠢ᠂ 137 ᠨᠡᠷ᠎ᠡ ᠰᠤᠷᠤᠭᠴᠢ 10 ᠨᠡᠷ᠎ᠡ ᠪᠠᠭᠰᠢ ᠠᠵᠢᠯᠳᠠᠨ ᠲᠠᠢ ᠪᠤᠯᠵᠤ ᠪᠡᠶ᠎ᠡ ᠪᠠᠨ ᠲᠠᠭᠠᠭᠠᠭᠰᠠᠨ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠪᠤᠯᠤᠭᠰᠠᠨ ᠪᠠᠶᠢᠨ᠎ᠠ᠃ ᠡᠭᠦᠨ ᠤ ᠲᠠᠷᠠᠭ᠎ᠠ ᠮᠦᠨ ᠪᠠᠰᠠ ᠴᠠᠭ ᠤᠨ ᠪᠠᠶᠢᠳᠠᠯ ᠤᠨ ᠬᠡᠴᠡᠭᠦᠦ ᠪᠤᠶᠤ ᠪᠠᠶᠢᠭᠠᠯᠢ ᠶᠢᠨ ᠭᠠᠮᠰᠢᠭ ᠵᠡᠷᠭᠡ ᠰᠢᠯᠳᠠᠭᠠᠨ ᠠᠴᠠ ᠪᠤᠯᠵᠤ ᠰᠤᠷᠭᠠᠭᠤᠯᠢ ᠶᠢᠨ ᠬᠦᠭᠵᠢᠯᠳᠡ ᠨᠢ ᠲᠤᠬᠠᠢ ᠶᠢᠨ ᠦᠶ᠎ᠡ ᠳᠤ ᠪᠠᠨ ᠮᠦᠨ ᠲᠤᠶᠢᠯ ᠤᠨ ᠬᠦᠴᠢᠷᠳᠡᠯ ᠲᠠᠢ ᠪᠠᠶᠢᠭᠰᠠᠨ ᠪᠤᠯᠪᠠᠴᠤ᠂ ᠴᠤᠴᠠᠯᠳᠠ ᠦᠭᠡᠢ ᠴᠢᠷᠮᠠᠶᠢᠵᠤ᠂ ᠪᠤᠴᠠᠯᠳᠠ ᠦᠭᠡᠢ ᠮᠡᠷᠡᠶᠢᠳᠡᠭ ᠡᠵᠡᠨ ᠬᠤᠷᠤᠭ᠎ᠠ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯᠳᠡᠳ ᠤᠨ ᠬᠦᠯᠦᠰᠦ ᠬᠦᠳᠡᠯᠮᠦᠷᠢ᠂ ᠵᠤᠷᠢᠭ ᠰᠦᠰᠦ ᠎ ᠶᠢᠨ ᠬᠦᠴᠦᠨ ᠢᠶᠠᠷ ᠠᠮᠢᠯᠠᠭᠳᠠᠨ ᠬᠦᠭᠵᠢᠵᠦ᠂ 1969 ᠤᠨ ᠪᠤᠯᠬᠤ ᠳᠤ ᠠᠩᠬ᠎ᠠ ᠲᠤᠮᠳᠠᠳᠤ ᠶᠢᠨ ᠠᠩᠬᠢ ᠲᠠᠢ ᠪᠤᠯᠤᠭᠰᠠᠨ ᠪᠦᠭᠡᠳ 1978 ᠤᠨ ᠪᠤᠯᠬᠤ ᠳᠤ ᠲᠡᠭᠡᠳᠦ ᠲᠤᠮᠳᠠᠳᠤ ᠶᠢᠨ ᠠᠩᠬᠢ ᠲᠠᠢ ᠪᠤᠯᠤᠭᠰᠠᠨ ᠪᠤᠯᠬᠤᠷ᠂ ᠲᠠᠷᠠᠭ᠎ᠠ ᠵᠢᠯ ︵1979 ᠤᠨ︶᠎ ᠤᠨ ᠨᠠᠮᠤᠷ ᠨᠢ ᠲᠤᠮᠳᠠᠳᠤ ᠰᠤᠷᠭᠠᠭᠤᠯᠢ ᠨᠢ ᠠᠰᠳᠠᠭᠠᠨ ᠪᠠᠶᠢᠭᠤᠯᠤᠭᠳᠠᠵᠤ᠂ ᠮᠤᠩᠭᠤᠯ ᠪᠠᠭ᠎ᠠ ᠰᠤᠷᠭᠠᠭᠤᠯᠢ ᠨᠢ ᠵᠢᠩᠬᠢᠨᠢ ᠪᠡᠶ᠎ᠡ ᠪᠠᠨ ᠲᠠᠭᠠᠭᠠᠵᠤ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠪᠠᠭ᠎ᠠ ᠰᠤᠷᠭᠠᠭᠤᠯᠢ ᠶᠢᠨ ᠱᠠᠳᠤᠨ ᠤ ᠰᠤᠷᠭᠠᠨ ᠬᠦᠮᠦᠵᠢᠯ ᠢ ᠬᠢᠬᠦ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠪᠤᠯᠤᠭᠰᠠᠨ ᠪᠠᠶᠢᠨ᠎ᠠ᠃
     ᠡᠵᠡᠨ ᠬᠤᠷᠤᠭ᠎ᠠ ᠬᠤᠰᠢᠭᠤᠨ ᠤ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠨᠢ ᠶᠡᠷᠡ ᠭᠠᠷᠤᠢ ᠬᠠᠪᠤᠷ ᠨᠠᠮᠤᠷ ᠤᠨ ᠰᠠᠯᠬᠢ ᠪᠤᠷᠤᠭ᠎ᠠ ᠶᠢ ᠲᠤᠭᠤᠯᠵᠤ ᠶᠠᠪᠤᠬᠤ ᠳᠤ ᠪᠠᠨ ᠨᠠᠮ ᠵᠠᠰᠠᠭ ᠤᠨ ᠬᠠᠶᠢᠷ᠎ᠠ ᠬᠠᠯᠠᠮᠵᠢ᠂ ᠨᠡᠶᠢᠭᠡᠮ ᠤᠨ ᠬᠠᠯᠠᠭᠤᠨ ᠰᠡᠳᠬᠢᠯᠳᠡᠳ ᠤᠨ ᠬᠦᠴᠦᠳᠡᠢ ᠲᠡᠮᠵᠢᠯᠭᠡ᠂ ᠰᠡᠳᠬᠢᠯ ᠢᠳᠡᠭᠡᠯ ᠢ ᠪᠠᠨ ᠰᠤᠷᠭᠠᠭᠤᠯᠢ ᠲᠠᠢ ᠬᠤᠯᠪᠤᠨ ᠪᠠᠶᠢᠳᠠᠭ ᠬᠠᠶᠢᠷᠠᠳᠤ ᠤᠯᠠᠨ ᠭᠡᠷ ᠤᠨ ᠠᠬᠠᠮᠠᠳ ᠤᠨ ᠬᠠᠮᠵᠢᠯᠴᠠᠭ᠎ᠠ ᠬᠢᠭᠡᠳ ᠰᠤᠷᠭᠠᠨ ᠬᠦᠮᠦᠵᠢᠯ  ᠢ ᠬᠢᠵᠦ ᠶᠠᠪᠤᠭᠰᠠᠨ ᠬᠡᠳᠦᠨ ᠦᠶ᠎ᠡ ᠶᠢᠨ ᠪᠠᠭᠰᠢ ᠠᠵᠢᠯᠳᠠᠳ ᠤᠨ ᠮᠡᠷᠡᠶᠢᠨ ᠴᠢᠷᠮᠠᠶᠢᠭᠰᠠᠨ ᠤ ᠡᠴᠦᠰ ᠲᠤ 2014 ᠤᠨ  ᠤ ᠨᠠᠮᠤᠷ ᠤᠳᠤᠬᠢ 67000ᠭᠠᠷᠤᠢ ᠲᠡᠭᠰᠢ ᠲᠦᠷᠪᠡᠯᠵᠢᠨ ᠮᠧᠲᠷ ᠤᠨ ᠡᠵᠡᠯᠡᠬᠦ ᠲᠠᠯᠠᠪᠠᠢ᠂ 2 ᠲᠦᠮᠡ ᠮᠢᠩᠭ᠎ᠠ 5 ᠭᠠᠷᠤᠢ ᠲᠡᠭᠰᠢ ᠲᠦᠷᠪᠡᠯᠵᠢᠨ ᠮᠧᠲᠷ ᠤᠨ ᠪᠠᠷᠢᠯᠭ᠎ᠠ ᠲᠠᠢ ᠰᠢᠨ᠎ᠡ ᠰᠤᠷᠭᠠᠭᠤᠯᠢ ᠶᠢᠨ ᠬᠦᠷᠢᠶᠡᠨ ᠳᠤ ᠪᠠᠨ ᠰᠢᠯᠵᠢᠨ ᠤᠷᠤᠭᠰᠠᠨ ᠪᠠᠶᠢᠨ᠎ᠠ᠃ ᠰᠤᠷᠭᠠᠭᠤᠯᠢ ᠡᠷᠬᠢᠯᠡᠬᠦ ᠨᠦᠭᠦᠴᠡᠯ ᠤᠨ ᠰᠠᠶᠢᠵᠢᠷᠠᠯᠳᠠ ᠪᠠ ᠵᠢᠭᠠᠨ ᠰᠤᠷᠭᠠᠬᠤ ᠶᠠᠰᠤ ᠴᠢᠨᠠᠷ ᠎ ᠤᠨ ᠰᠢᠯᠢᠳᠡᠭᠵᠢᠯᠳᠡ ᠶᠢ ᠲᠠᠭᠠᠯᠳᠤᠨ ᠪᠠᠭᠰᠢ ᠰᠤᠷᠤᠭᠴᠢᠳ ᠤᠨ ᠡᠩᠨᠡᠭᠡ ᠴᠤ ᠲᠠᠰᠤᠷᠠᠯ ᠦᠭᠡᠢ ᠨᠡᠮᠡᠭᠳᠡᠭᠡᠳ ᠡᠳᠦᠭᠡ ᠪᠤᠯᠬᠤ ᠳᠤ ᠨᠢᠭᠡᠨᠳᠡ 695 ᠰᠤᠷᠤᠭᠴᠢ᠂ 84 ᠪᠠᠭᠰᠢ ᠠᠵᠢᠯᠳᠠᠳ ᠲᠠᠢ ᠪᠤᠯᠵᠤ᠂ ᠬᠤᠰᠢᠭᠤᠨ ᠤ ᠲᠦᠪ ᠠᠯᠳᠠᠨᠰᠢᠷᠡᠭᠡ ᠪᠠᠯᠭᠠᠰᠤᠨ ᠳᠤ ᠪᠠᠶᠢᠷᠢᠯᠠᠵᠤ ᠪᠠᠶᠢᠭ᠎ᠠ ᠴᠤᠷᠢ ᠶᠢᠨ ᠭᠠᠭᠴᠠ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠪᠤᠯᠤᠨ ᠪᠤᠵᠠᠭᠠᠶᠢᠷᠠᠵᠤ᠂ ᠪᠤᠭᠳᠠ ᠶᠢᠨ ᠠᠷᠢᠭᠤᠨ ᠢᠪᠡᠭᠡᠯ ᠲᠠᠢ ᠡᠵᠡᠨ ᠬᠤᠷᠤᠭ᠎ᠠ ᠬᠤᠰᠢᠭᠤᠨ ᠤ ᠵᠤᠩᠬᠢᠯᠠᠬᠤ ᠲᠤᠭᠠᠨ ᠤ ᠮᠤᠩᠭᠤᠯᠴᠤᠳ ᠤᠨ ᠦᠷ᠎ᠡ ᠬᠡᠥᠭᠡᠳ ᠢ ᠬᠦᠮᠦᠵᠢᠭᠦᠯᠬᠦ ᠲᠠᠷᠬᠠᠨ ᠬᠠᠷᠢᠭᠤᠴᠠᠯᠭ᠎ᠠ ᠶᠢ ᠡᠭᠦᠷᠭᠡᠯᠡᠵᠦ ᠪᠤᠢ᠃       ᠲᠤᠰ ᠰᠤᠷᠭᠠᠭᠤᠯᠢ ᠡᠳᠦᠭᠡ ᠪᠤᠯᠬᠤ ᠳᠤ 25 ᠬᠢᠴᠢᠶᠡᠯᠯᠡᠬᠦ ᠠᠩᠬᠢ ᠲᠠᠢ ᠪᠠᠶᠢᠵᠤ᠂ ᠤᠨ ᠪᠦᠷᠢ ᠳᠤ ᠪᠠᠨ ᠭᠤᠷᠪᠠ ᠠᠴᠠ ᠵᠢᠷᠭᠤᠭᠠᠨ ᠠᠩᠬᠢ ᠲᠠᠢ ᠪᠤᠯᠵᠤ᠂ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠪᠠᠷᠢᠮᠵᠢᠶ᠎ᠠ ᠱᠠᠭᠠᠷᠳᠠᠯᠭ᠎ᠠ ᠪᠠᠷ ᠤᠯᠤᠰ᠂ ᠤᠷᠤᠨ᠂ ᠰᠤᠷᠭᠠᠭᠤᠯᠢ  ᠭᠤᠷᠪᠠᠨ ᠲᠡᠰ ᠤᠨ ᠬᠢᠴᠢᠶᠡᠯᠯᠡᠭᠡ ᠶᠢ ᠪᠦᠷᠢᠨᠵᠢᠭᠦᠯᠦᠨ ᠨᠡᠭᠡᠭᠡᠵᠦ ᠪᠠᠶᠢᠭ᠎ᠠ ᠮᠦᠷᠳᠡᠭᠡᠨ ᠴᠢᠨᠠᠷᠵᠢᠯ  ᠢ ᠴᠢᠩᠭ᠎ᠠ ᠠᠳᠬᠤᠨ᠂ ᠬᠤᠳᠠ ᠳᠤ ᠪᠠᠨ ᠲᠡᠷᠢᠭᠦᠯᠡᠵᠦ᠂ ᠤᠷᠤᠨ ᠤᠯᠤᠰ ᠲᠤ ᠪᠠᠨ ᠨᠡᠷ᠎ᠡ ᠲᠡᠮᠳᠡᠭ ᠢ ᠪᠦᠷᠢᠳᠦᠭᠦᠯᠬᠦ ᠪᠠᠷ ᠮᠡᠷᠡᠶᠢᠵᠦ ᠪᠠᠶᠢᠭ᠎ᠠ ᠬᠠᠮᠳᠤ ᠨᠢᠭᠡᠴᠢ ᠪᠤᠯᠬᠤ ᠶᠤᠮ᠃ ᠬᠦᠮᠦᠨ ᠮᠦᠰᠦ ᠶᠢᠨ ᠬᠦᠮᠦᠵᠢᠯ ᠬᠢᠭᠡᠳ ᠪᠢᠴᠢᠭ ᠡᠷᠳᠡᠮ ᠵᠢᠭᠠᠬᠤ ᠠᠵᠢᠯᠯᠠᠭ᠎ᠠ ᠪᠠᠨ ᠵᠡᠷᠭᠡ ᠳᠤ ᠨᠢ ᠬᠦᠨᠳᠦᠳᠭᠡᠨ ᠦᠵᠡᠵᠦ᠂ ᠮᠤᠩᠭᠤᠯ ᠢᠷᠡᠭᠡᠳᠦᠢ ᠶᠢᠨ ᠮᠠᠷᠭᠠᠰᠢ ᠶᠢ ᠲᠤᠯᠬᠤ ᠵᠢᠩᠬᠢᠨᠢ ᠴᠢᠳᠠᠪᠦᠷᠢᠳᠠᠨ ᠢ ᠬᠦᠮᠦᠵᠢᠭᠦᠯᠬᠦ ᠰᠠᠭᠤᠷᠢ ᠶᠢ ᠰᠠᠶᠢᠳᠤᠷ ᠲᠠᠯᠪᠢᠵᠤ ᠪᠠᠶᠢᠭ᠎ᠠ ᠪᠦᠷᠢᠨ ᠪᠠᠭ᠎ᠠ ᠰᠤᠷᠭᠠᠭᠤᠯᠢ ᠪᠤᠯᠬᠤ ᠪᠢᠯᠡ᠃
      ᠰᠤᠷᠭᠠᠭᠤᠯᠢ ᠶᠢᠨ ᠬᠦᠭᠵᠢᠯᠳᠡ ᠨᠢ ᠵᠢᠭᠠᠨ ᠰᠤᠷᠭᠠᠬᠤ ᠴᠢᠨᠠᠷ ᠴᠢᠨᠰᠠᠭ᠎ᠠ ᠯᠤᠭ᠎ᠠ ᠬᠤᠯᠪᠤᠭᠳᠠᠵᠤ᠂ ᠵᠢᠭᠠᠨ ᠰᠤᠷᠭᠠᠬᠤ ᠴᠢᠨᠠᠷ ᠴᠢᠨᠰᠠᠭ᠎ᠠ ᠶᠢᠨ ᠰᠠᠶᠢᠨ ᠮᠠᠭᠤ ᠨᠢ ᠬᠡᠥᠭᠡᠳ ᠤᠨ ᠬᠦᠮᠦᠨ ᠮᠦᠰᠦ ᠶᠢᠨ ᠬᠦᠮᠦᠵᠢᠯ ᠬᠢᠭᠡᠳ ᠮᠡᠳᠡᠯᠭᠡ ᠴᠢᠳᠠᠪᠦᠷᠢ ᠡᠵᠡᠮᠰᠢᠭᠦᠯᠬᠦ ᠬᠤᠶᠠᠷ ᠲᠠᠯ᠎ᠠ ᠪᠠᠷ ᠢᠯᠡᠷᠡᠳᠡᠭ ᠶᠤᠮ᠃ ᠬᠦᠮᠦᠨ ᠮᠦᠰᠦ  ᠶᠢᠨ ᠬᠦᠮᠦᠵᠢᠯ  ᠤᠨ ᠲᠠᠯ᠎ᠠ ᠳᠤ ᠲᠤᠰ ᠰᠤᠷᠭᠠᠭᠤᠯᠢ ᠨᠢ ᠰᠤᠷᠭᠠᠭᠤᠯᠢ ᠶᠢᠨ ᠨᠠᠮ ᠤᠨ ᠡᠭᠦᠷ ᠢᠶᠠᠷ ᠲᠤᠯᠤᠭᠠᠶᠢᠯᠠᠭᠤᠯᠤᠭᠰᠠᠨ ᠠᠵᠢᠯᠳᠠᠨ ᠤ ᠡᠪᠯᠡᠯ᠂ ᠡᠮᠡᠭᠳᠡᠶᠢᠴᠤᠳ ᠤᠨ ᠬᠤᠯᠪᠤᠭ᠎ᠠ᠂ ᠶᠤᠰᠤ ᠰᠤᠷᠳᠠᠬᠤᠨ ᠤ ᠬᠦᠮᠦᠵᠢᠯ ᠤᠨ ᠭᠠᠵᠠᠷ ᠵᠢᠴᠢ ᠬᠤᠰᠢᠭᠤᠴᠢ ᠶᠡᠭᠡ ᠠᠩᠬᠢ᠂ ᠲᠤᠮᠳᠠ ᠠᠩᠬᠢ ᠵᠡᠷᠭᠡ ᠬᠠᠮᠢᠶᠠᠷᠤᠯᠳᠠ ᠶᠢᠨ ᠡᠩᠨᠡᠭᠡ ᠪᠠᠷ ᠪᠦᠷᠢᠨ ᠲᠦᠭᠦᠷ ᠵᠤᠬᠢᠶᠠᠨ ᠪᠠᠶᠢᠭᠤᠯᠤᠯᠳᠠ ᠶᠢᠨ ᠰᠢᠰᠲ᠋ᠧᠮ ᠲᠠᠢ ᠪᠠᠶᠢᠵᠤ᠂ ᠡᠨᠡᠬᠦ ᠰᠢᠰᠲ᠋ᠧᠮᠵᠢᠭᠰᠡᠨ ᠬᠠᠮᠢᠶᠠᠷᠤᠯᠳᠠ ᠪᠠᠷ ᠪᠠᠭᠰᠢ ᠶᠢᠨ ᠬᠡᠪ ᠮᠤᠷᠠᠯ ᠬᠢᠭᠡᠳ ᠰᠤᠷᠤᠭᠴᠢᠳ ᠤᠨ ᠬᠦᠮᠦᠨ ᠮᠦᠰᠦ ᠶᠢᠨ ᠬᠦᠮᠦᠵᠢᠯ ᠢ ᠴᠢᠩᠭᠠᠳᠬᠠᠨ ᠠᠳᠬᠤᠭᠰᠠᠭᠠᠷ ᠢᠷᠡᠭᠰᠡᠨ ᠪᠠᠶᠢᠨ᠎ᠠ᠃ ᠰᠤᠷᠭᠠᠭᠤᠯᠢ ᠪᠠᠷ ᠭᠤᠤᠯᠯᠠᠭᠰᠠᠨ ᠤᠯᠠᠨ ᠵᠦᠢᠯ  ᠤᠨ ᠬᠦᠳᠡᠯᠭᠡᠭᠡᠨ ᠦᠢᠯᠡᠳᠦᠯᠭᠡ ᠪᠠᠷ ᠲᠠᠮᠵᠢᠨ ᠬᠠᠮᠳᠤ ᠨᠡᠶᠢᠳᠡᠴᠢ ᠦᠵᠡᠯ ᠬᠢᠭᠡᠳ ᠬᠠᠶᠢᠷ᠎ᠠ ᠡᠨᠡᠷᠢᠯ  ᠤᠨ ᠬᠦᠮᠦᠵᠢᠯ  ᠢ ᠬᠦᠷᠳᠡᠭᠡᠭᠰᠡᠨ ᠪᠠᠶᠢᠨ᠎ᠠ᠃ ᠮᠤᠩᠭᠤᠯ  ᠤᠨ ᠰᠠᠶᠢᠬᠠᠨ ᠪᠢᠯᠢᠭ ᠤᠬᠠᠭᠠᠨ ᠰᠢᠩᠭᠡᠭᠰᠡᠨ ᠪᠢᠯᠢᠭ ᠰᠤᠷᠭᠠᠯ᠂ ᠶᠤᠰᠤ ᠵᠠᠩᠰᠢᠯ  ᠢ ᠲᠠᠨᠢᠭᠤᠯᠤᠨ ᠪᠡᠶᠡᠯᠡᠭᠦᠯᠬᠦ ᠪᠠᠷ ᠲᠠᠮᠵᠢᠨ ᠬᠦᠮᠦᠨ ᠮᠦᠰᠦ ᠶᠢᠨ ᠬᠦᠮᠦᠵᠢᠯ ᠢ ᠴᠢᠩᠭᠠᠳᠬᠠᠭᠰᠠᠨ ᠪᠠᠶᠢᠨ᠎ᠠ᠃ ᠰᠤᠷᠭᠠᠭᠤᠯᠢ ᠶᠢᠨ ᠶᠡᠭᠡ ᠲᠢᠩᠬᠢᠮ ᠪᠤᠶᠤ ᠭᠤᠳᠤᠮᠵᠢ᠂ ᠬᠡᠷᠡᠮ ᠬᠠᠨ᠎ᠠ ᠵᠡᠷᠭᠡ ᠶᠢ ᠠᠰᠢᠭᠯᠠᠨ ᠤᠷᠴᠢᠨ ᠲᠤᠭᠤᠷᠢᠨ  ᠤ ᠬᠦᠮᠦᠵᠢᠯ  ᠢᠶᠠᠷ ᠲᠠᠮᠵᠢᠨ ᠶᠤᠰᠤ ᠰᠤᠷᠳᠠᠬᠤᠨ᠂ ᠮᠤᠷᠠᠯ ᠶᠤᠰᠤ᠂ ᠪᠦᠯᠬᠦᠮᠳᠡᠯ ᠨᠢᠠᠠᠳᠠᠷᠠᠯ ᠵᠡᠷᠭᠡ ᠤᠯᠠᠨ ᠲᠠᠯ᠎ᠠ  ᠶᠢᠨ ᠬᠦᠮᠦᠵᠢᠯ  ᠢ ᠬᠢᠭᠰᠡᠨ ᠪᠠᠶᠢᠨ᠎ᠠ᠃  ᠬᠡᠥᠭᠡᠳ ᠤᠨ ᠮᠡᠳᠡᠯᠭᠡ ᠴᠢᠳᠠᠪᠦᠷᠢ ᠰᠤᠷᠬᠤ ᠲᠠᠯ᠎ᠠ ᠳᠤ ᠰᠤᠷᠭᠠᠭᠤᠯᠢ ᠶᠢᠨ ᠬᠢᠴᠢᠶᠡᠯ ᠬᠦᠮᠦᠵᠢᠯ ᠤᠨ ᠭᠠᠵᠠᠷ ᠢᠶᠠᠷ ᠭᠤᠤᠯᠯᠠᠭᠰᠠᠨ ᠡᠯ᠎ᠡ ᠵᠢᠭᠠᠬᠤ ᠶᠢ ᠰᠤᠳᠤᠯᠬᠤ ᠲᠤᠭᠤᠶᠢᠯᠠᠩ᠂ ᠪᠠᠭᠠᠴᠤᠳ ᠭᠡᠥᠭᠡᠳ ᠤᠨ ᠤᠷᠳᠤᠨ ᠬᠢᠭᠡᠳ ᠤᠨ ᠤ ᠲᠤᠭᠤᠶᠢᠯᠠᠩ᠂ ᠬᠢᠴᠢᠶᠡᠯ ᠲᠦᠷᠦᠯ ᠤᠨ ᠲᠤᠭᠤᠶᠢᠯᠠᠩ ᠵᠡᠷᠭᠡ ᠵᠤᠬᠢᠶᠠᠨ ᠪᠠᠶᠢᠭᠤᠯᠬᠤ ᠰᠢᠰᠲ᠋ᠧᠮ ᠨᠢ ᠰᠤᠷᠭᠠᠭᠤᠯᠢ ᠶᠢᠨ ᠬᠢᠴᠢᠶᠡᠯ ᠲᠦᠷᠦᠯ ᠤᠨ ᠵᠢᠭᠠᠨ ᠰᠤᠷᠭᠠᠯᠳᠠ ᠳᠤ ᠦᠢᠯᠡᠴᠢᠯᠡᠵᠦ᠂ ᠬᠡᠥᠭᠡᠳ ᠢ ᠡᠷᠳᠡᠮ ᠮᠡᠳᠡᠯᠭᠡ᠂ ᠮᠡᠷᠭᠡᠵᠢᠯ ᠴᠢᠳᠠᠪᠦᠷᠢ ᠬᠤᠤᠰᠯᠠᠭᠰᠠᠨ ᠴᠢᠳᠠᠪᠦᠷᠢᠳᠠᠨ ᠪᠤᠯᠭᠠᠬᠤ ᠰᠠᠭᠤᠷᠢ ᠶᠢ ᠲᠠᠯᠪᠢᠵᠤ ᠪᠠᠶᠢᠳᠠᠭ᠃ ᠡᠯ᠎ᠡ ᠵᠢᠭᠠᠬᠤ ᠶᠢ ᠰᠤᠳᠤᠯᠬᠤ ᠲᠤᠭᠤᠶᠢᠯᠠᠩ ᠢᠶᠠᠷ ᠨᠢᠭᠡᠴᠢ ᠪᠤᠯᠭᠠᠭᠰᠠᠨ ᠰᠤᠷᠭᠠᠭᠤᠯᠢ ᠪᠠᠷ ᠰᠠᠭᠤᠷᠢᠯᠠᠭᠰᠠᠨ ᠵᠢᠭᠠᠨ ᠰᠤᠳᠤᠯᠭᠠᠨ ᠤ ᠬᠦᠳᠡᠯᠭᠡᠭᠡᠨ ᠨᠢ ᠡᠯ᠎ᠡ ᠬᠢᠴᠢᠶᠡᠯ ᠲᠦᠷᠦᠯ ᠤᠨ ᠵᠢᠭᠠᠨ ᠰᠤᠷᠭᠠᠯᠳᠠ ᠶᠢᠨ ᠶᠠᠰᠤ ᠴᠢᠨᠠᠷ ᠲᠤ ᠲᠤᠳᠠᠭᠳᠠᠵᠤ ᠪᠤᠯᠤᠰᠢ ᠦᠭᠡᠢ ᠪᠠᠳᠤᠯᠠᠪᠤᠷᠢ ᠪᠤᠯᠵᠤ ᠪᠠᠶᠢᠳᠠᠭ᠃ ᠪᠠᠭᠰᠢ ᠶᠢᠨ ᠡᠩᠨᠡᠭᠡᠨ ᠤ ᠲᠠᠪᠳᠠᠨ ᠪᠤᠯᠪᠠᠰᠤᠷᠠᠭᠤᠯᠤᠯᠳᠠ ᠨᠢ ᠮᠦᠨᠴᠦ ᠬᠢᠴᠢᠶᠡᠯ ᠤᠨ ᠲᠢᠩᠬᠢᠮ ᠤᠨ ᠵᠢᠭᠠᠨ ᠰᠤᠷᠭᠠᠯᠳᠠ ᠶᠢᠨ ᠶᠠᠰᠤ ᠴᠢᠨᠠᠷ ᠤᠨ ᠰᠢᠯᠢᠳᠡᠭᠵᠢᠯᠳᠡ ᠶᠢᠨ ᠴᠢᠬᠤᠯᠠ ᠲᠦᠯᠬᠢᠴᠡ ᠬᠦᠴᠦᠨ ᠪᠤᠯᠳᠠᠭ ᠲᠤᠯᠠ ᠰᠤᠷᠭᠠᠭᠤᠯᠢ ᠠᠴᠠ ᠪᠠᠭᠰᠢ ᠠᠵᠢᠯᠳᠠᠳ ᠢ ᠪᠠᠨ ᠭᠠᠳᠠᠭᠰᠢ  ᠭᠠᠷᠭᠠᠵᠤ ᠬᠦᠭᠵᠢᠭᠰᠡᠨ ᠭᠠᠵᠠᠷ ᠤᠷᠤᠨ ᠪᠤᠶᠤ ᠰᠢᠯᠢᠳᠡᠭ ᠰᠤᠷᠭᠠᠭᠤᠯᠢ ᠨᠤᠭᠤᠳ ᠤᠨ ᠲᠤᠷᠰᠢᠯᠭ᠎ᠠ ᠮᠡᠷᠭᠡᠵᠢᠯ ᠢ ᠰᠤᠷᠤᠯᠴᠠᠭᠤᠯᠬᠤ ᠪᠠᠷ ᠪᠠᠷᠠᠬᠤ ᠦᠭᠡᠢ ᠲᠤᠰᠬᠠᠢ ᠮᠡᠷᠭᠡᠵᠢᠯᠳᠡᠨ ᠪᠤᠶᠤ ᠡᠷᠳᠡᠮᠳᠡᠨ ᠴᠢᠳᠠᠪᠦᠷᠢᠳᠠᠳ ᠢ ᠤᠷᠢᠨ ᠵᠠᠯᠠᠵᠤ ᠰᠤᠷᠭᠠᠭᠤᠯᠢ ᠳᠤ ᠪᠠᠨ ᠠᠪᠴᠢᠷᠠᠨ ᠪᠠᠭᠰᠢ ᠨᠠᠷ ᠢ ᠪᠤᠯᠪᠠᠰᠤᠷᠠᠭᠤᠯᠤᠭᠰᠠᠨ ᠠᠴᠠ ᠪᠠᠭᠰᠢ ᠶᠢᠨ ᠡᠩᠨᠡᠭᠡ ᠰᠢᠯᠢᠳᠡᠭᠵᠢᠨ ᠲᠡᠭᠦᠯᠳᠡᠷᠵᠢᠭᠰᠡᠨ ᠪᠠᠶᠢᠨ᠎ᠠ᠃ ᠦᠪᠡᠷᠮᠢᠴᠡ ᠤᠨᠴᠠᠯᠢᠭᠳᠤ ᠬᠢᠴᠢᠶᠡᠯᠯᠡᠭᠡ ᠶᠢᠨ ᠲᠠᠯ᠎ᠠ ᠳᠤ ᠦᠨᠳᠦᠰᠦᠳᠡᠨ ᠤ ᠪᠠᠨ ᠰᠢᠯᠢᠳᠡᠭ ᠰᠠᠶᠢᠬᠠᠨ ᠶᠤᠰᠤ ᠵᠠᠩᠰᠢᠯ᠂ ᠵᠠᠩ ᠦᠢᠯᠡ ᠶᠢ ᠬᠢᠴᠢᠶᠡᠯᠯᠡᠭᠡ ᠪᠤᠶᠤ ᠦᠢᠯᠡᠳᠦᠯᠭᠡ ᠬᠦᠳᠡᠯᠪᠦᠷᠢ ᠳᠤ ᠠᠭᠤᠰᠬᠠᠨ ᠰᠢᠮᠡᠳᠭᠡᠵᠦ᠂ ᠮᠤᠩᠭᠤᠯ ᠰᠢᠳᠠᠷ᠎ᠠ ᠪᠠᠷ ᠰᠠᠭᠤᠷᠢᠯᠠᠭᠰᠠᠨ ᠰᠤᠷᠭᠠᠭᠤᠯᠢ  ᠶᠢᠨ ᠬᠢᠴᠢᠶᠡᠯᠯᠡᠭᠡ ᠪᠦᠷᠢᠯᠳᠦᠵᠦ᠂ ᠪᠠᠭᠠᠴᠤᠳ  ᠤᠨ ᠤᠷᠳᠤᠨ ᠤ ᠬᠦᠳᠡᠯᠭᠡᠭᠡᠨ ᠬᠢᠭᠡᠳ ᠲᠤᠷ᠎ᠠ ᠰᠤᠨᠢᠷᠬᠠᠯ  ᠤᠨ ᠬᠢᠴᠢᠶᠡᠯᠯᠡᠭᠡ ᠪᠠᠷ ᠰᠢᠰᠲ᠋ᠧᠮᠵᠢᠭᠦᠯᠵᠦ ᠴᠢᠳᠠᠭᠰᠠᠨ ᠪᠠᠶᠢᠨ᠎ᠠ᠃
    ᠰᠤᠷᠭᠠᠭᠤᠯᠢ ᠡᠷᠬᠢᠯᠡᠬᠦ ᠨᠦᠭᠦᠴᠡᠯ  ᠤᠨ ᠰᠢᠯᠢᠳᠡᠭᠵᠢᠯᠳᠡ ᠨᠢ ᠰᠤᠷᠭᠠᠭᠤᠯᠢ  ᠶᠢᠨ ᠠᠵᠢᠯᠯᠠᠭᠠᠨ  ᠤ ᠰᠠᠭᠤᠷᠢ ᠪᠤᠯᠳᠠᠭ᠃ ᠤᠶᠢᠷ᠎ᠠ ᠶᠢᠨ ᠵᠢᠯ ᠠᠴᠠ ᠡᠬᠢᠯᠡᠨ  ᠲᠤᠰ ᠰᠤᠷᠭᠠᠭᠤᠯᠢ ᠨᠢ ᠲᠡᠭᠡᠳᠦ ᠱᠠᠳᠤᠨ ᠤ ᠨᠠᠮ ᠵᠠᠰᠠᠭ ᠤᠨ ᠬᠠᠯᠠᠮᠵᠢ ᠬᠠᠶᠢᠷ᠎ᠠ ᠪᠠᠷ ᠰᠤᠷᠭᠠᠭᠤᠯᠢ ᠶᠢᠨ ᠬᠦᠷᠢᠶ᠎ᠡ ᠪᠤᠯᠤᠨ ᠲᠤᠨᠤᠭ ᠲᠦᠭᠦᠭᠡᠷᠦᠮᠵᠢ ᠶᠢᠨ ᠲᠠᠯ᠎ᠠ ᠳᠤ ᠦᠳᠳᠡᠷ ᠬᠤᠪᠢᠷᠠᠯᠳᠠ ᠲᠠᠢ ᠪᠤᠯᠵᠤ᠂ ᠰᠤᠷᠭᠠᠭᠤᠯᠢ ᠶᠢᠨ ᠤᠨᠤᠯᠵᠢᠬᠤᠨ ᠲᠠᠢ ᠵᠤᠬᠢᠴᠠᠭᠰᠠᠨ ᠪᠤᠳᠠᠰ ᠤᠨ ᠰᠤᠶᠤᠯ ᠤᠨ ᠪᠦᠳᠦᠭᠡᠨ ᠪᠠᠶᠢᠭᠤᠯᠤᠯᠳᠠ ᠲᠠᠢ ᠪᠤᠯᠤᠭᠰᠠᠨ ᠪᠠᠶᠢᠨ᠎ᠠ᠃ ᠰᠤᠷᠭᠠᠭᠤᠯᠢ ᠶᠢᠨ ᠡᠬᠦᠳᠡ ᠪᠠᠷ ᠠᠯᠬᠤᠨ ᠤᠷᠤᠩᠭᠤᠳᠠ ᠦᠨᠳᠦᠰᠦᠳᠡᠨ ᠤ ᠶᠤᠰᠤ ᠵᠠᠩᠰᠢᠯ ᠢ ᠦᠪᠯᠡᠭᠦᠯᠦᠨ ᠬᠢᠴᠢᠶᠡᠯᠯᠡᠬᠦ ᠪᠠᠷ ᠪᠡᠯᠡᠳᠭᠡᠭᠰᠡᠨ《 ᠲᠠᠯ᠎ᠠ ᠶᠢᠨ ᠮᠤᠩᠭᠤᠯ ᠠᠶᠢᠯ 》 ᠬᠡᠮᠡᠬᠦ ᠠᠭᠤᠳᠠᠮ ᠲᠠᠯᠠᠪᠠᠢ ᠲᠠᠢ ᠪᠠᠶᠢᠵᠤ᠂ ᠵᠢᠭᠠᠨ ᠰᠤᠷᠭᠠᠬᠤ ᠠᠰᠠᠷ ᠤᠨ ᠠᠰ ᠡᠮᠦᠨ᠎ᠡ ᠲᠠᠯ᠎ᠠ ᠳᠤ ᠪᠠᠶᠢᠷᠢᠰᠢᠬᠤ《 ᠤᠯᠤᠰ ᠤᠨ ᠲᠤᠭ 》 ᠬᠡᠮᠡᠬᠦ ᠠᠭᠤᠳᠠᠮ ᠲᠠᠯᠠᠪᠠᠢ ᠳᠤ ᠪᠠᠨ ᠡᠬᠡ ᠤᠯᠤᠰ ᠢᠶᠠᠨ ᠬᠠᠶᠢᠷᠠᠯᠠᠬᠤ᠂ ᠠᠭᠤᠤ ᠨᠠᠮ ᠢᠶᠠᠨ ᠮᠠᠭᠳᠠᠨ ᠲᠠᠭᠤᠯᠠᠬᠤ ᠠᠭᠤᠯᠭ᠎ᠠ ᠪᠦᠬᠦᠢ ᠤᠬᠠᠭᠤᠯᠭ᠎ᠠ ᠶᠢᠨ ᠲᠠᠪᠴᠠᠩ ᠪᠤᠯᠤᠩ ᠢ ᠲᠤᠬᠢᠷᠠᠭᠤᠯᠤᠭᠰᠠᠨ ᠪᠠᠶᠢᠳᠠᠭ᠃ ᠵᠠᠭᠦᠨ ᠵᠠᠬ᠎ᠠ ᠳᠤ ᠨᠢ ᠪᠠᠶᠢᠷᠢᠯᠠᠵᠤ ᠪᠦᠬᠦᠢ《 ᠠᠯᠳᠠᠨ ᠰᠢᠷᠡᠭᠡ 》ᠮᠤᠩᠭᠤᠯ ᠰᠢᠳᠠᠷ᠎ᠠ ᠶᠢᠨ ᠠᠭᠤᠳᠠᠮ ᠲᠠᠯᠠᠪᠠᠢ ᠪᠤᠯ ᠮᠠᠨ ᠤ ᠰᠤᠷᠭᠠᠭᠤᠯᠢ ᠶᠢᠨ ᠦᠪᠡᠷᠮᠢᠴᠡ ᠤᠨᠴᠠᠯᠢᠭ ᠪᠤᠯᠬᠤ ᠮᠤᠩᠭᠤᠯ ᠰᠢᠳᠠᠷ᠎ᠠ ᠶᠢᠨ ᠬᠢᠴᠢᠶᠡᠯᠯᠡᠭᠡ ᠲᠠᠢ ᠤᠶᠠᠯᠳᠤᠭᠰᠠᠨ᠂ ᠠᠮᠠᠷᠠᠵᠤ ᠰᠡᠯᠡᠭᠦᠴᠡᠬᠦ ᠪᠠ ᠬᠢᠴᠢᠶᠡᠯᠯᠡᠭᠡ ᠤᠷᠤᠯᠳᠤᠭᠠᠨ ᠬᠢᠬᠦ ᠶᠢ ᠠᠭᠤᠰᠬᠠᠵᠤ ᠴᠢᠳᠠᠭᠰᠠᠨ ᠤᠯᠠᠨ ᠲᠠᠯ᠎ᠠ ᠶᠢᠨ ᠦᠢᠯᠡᠳᠦᠯ ᠴᠢᠳᠠᠪᠬᠢ ᠲᠠᠢ ᠠᠭᠤᠳᠠᠮ ᠲᠠᠯᠠᠪᠠᠢ ᠪᠤᠯᠬᠤ ᠶᠤᠮ᠃ ᠰᠤᠷᠭᠠᠭᠤᠯᠢ  ᠶᠢᠨ ᠵᠢᠮᠢᠰ ᠲᠠᠷᠢᠶᠠᠯᠠᠩ ᠤᠨ ᠴᠡᠴᠡᠷᠯᠢᠭ ᠨᠢ ᠪᠠᠭᠰᠢ ᠰᠤᠷᠤᠭᠴᠢᠳ ᠤᠨ ᠠᠮᠠᠷᠠᠵᠤ ᠰᠡᠯᠡᠭᠦᠴᠡᠬᠦ᠂ ᠠᠵᠢᠯ ᠬᠦᠳᠡᠯᠮᠦᠷᠢ ᠳᠤ ᠤᠷᠤᠯᠴᠠᠬᠤ᠂ ᠡᠬᠡ ᠪᠠᠶᠢᠭᠠᠯᠢ  ᠶᠢ ᠲᠠᠨᠢᠬᠤ ᠵᠡᠷᠭᠡ ᠳᠤ ᠦᠢᠯᠡᠴᠢᠯᠡᠵᠦ ᠴᠢᠳᠠᠬᠤ ᠦᠢᠯᠡᠳᠦᠯᠭᠡ ᠶᠢᠨ ᠰᠠᠭᠤᠷᠢᠨ ᠭᠠᠵᠠᠷ ᠪᠤᠯᠬᠤ ᠶᠤᠮ᠃ ᠪᠤᠭᠳᠠ ᠡᠵᠡᠨ ᠤ ᠠᠷᠢᠭᠤᠨ ᠰᠢᠳᠦᠭᠡᠨ ᠳᠤ ᠵᠤᠯᠠ ᠡᠷᠭᠦᠵᠦ ᠂ ᠪᠤᠰᠤᠭ᠎ᠠ ᠰᠤᠶᠤᠯ ᠤᠨ ᠮᠦᠩᠭᠡ ᠭᠤᠯᠤᠮᠳᠠ ᠳᠤ ᠭᠠᠯ ᠨᠡᠮᠡᠵᠦ ᠶᠠᠪᠤᠭ᠎ᠠ  ᠡᠵᠡᠨ ᠬᠤᠷᠤᠭ᠎ᠠ ᠬᠤᠰᠢᠭᠤᠨ ᠤ  ᠮᠣᠩᠭᠤᠯ  ᠪᠠᠭ᠎ᠠ ᠰᠤᠷᠭᠠᠭᠤᠯᠢ ᠨᠢ ᠪᠤᠭᠳᠠ ᠶᠢᠨ ᠠᠷᠢᠭᠤᠨ ᠰᠢᠳᠦᠭᠡᠨ ᠰᠢᠩᠭᠡᠭᠰᠡᠨ ᠮᠦᠩᠭᠡ ᠵᠤᠯᠠ ᠶᠢ ᠡᠳᠡᠭᠡᠷ ᠠᠭᠤᠳᠠᠮ ᠲᠠᠯᠠᠪᠠᠢ ᠪᠤᠯᠤᠨ ᠴᠡᠴᠡᠷᠯᠢᠭ ᠤᠨ ᠵᠠᠬ᠎ᠠ ᠪᠠᠷ ᠬᠡᠷᠡᠯᠳᠦᠭᠦᠯᠵᠦ᠂ ᠵᠤᠯᠠ ᠶᠢᠨ ᠲᠤᠤᠷᠠᠬᠢ ᠬᠠᠳᠠᠨ ᠰᠠᠭᠤᠷᠢ ᠎ ᠳᠤ ᠨᠢ ᠮᠤᠩᠭᠤᠯ᠂ ᠬᠢᠳᠠᠳ᠂ ᠠᠩᠭ᠍ᠯᠢ ᠭᠤᠷᠪᠠᠨ ᠬᠡᠯᠡ ᠪᠠᠷ ᠴᠢᠩᠬᠢᠰ ᠤᠨ ᠪᠢᠯᠢᠭ ᠰᠤᠷᠭᠠᠯ ᠢ ᠰᠡᠶᠢᠯᠵᠦ᠂ ᠲᠡᠯᠡᠭᠡᠢ ᠎ ᠳᠤ ᠭᠠᠶᠢᠬᠠᠭᠳᠠᠭᠰᠠᠨ ᠮᠤᠩᠭᠤᠯ ᠤᠬᠠᠭᠠᠨ ᠢᠶᠠᠷ ᠪᠡᠶ᠎ᠡ ᠪᠠᠨ ᠴᠢᠮᠡᠬᠦ ᠶᠢ ᠰᠤᠷᠳᠠᠯᠴᠢᠯᠠᠭᠰᠠᠨ ᠪᠠᠶᠢᠨ᠎ᠠ᠃ ᠰᠤᠷᠭᠠᠭᠤᠯᠢ ᠎ ᠶᠢᠨ ᠶᠡᠭᠡ ᠲᠢᠩᠬᠢᠮ ᠢ ᠪᠠᠨ ᠴᠤ《ᠠᠯᠤᠩᠭᠤᠸ᠎ᠠ ᠡᠭᠡ ᠶᠢᠨ ᠰᠤᠷᠭᠠᠯ 》 ᠬᠡᠮᠡᠬᠦ ᠡᠪ ᠪᠦᠯᠬᠦᠮᠳᠡᠯ᠂ ᠡᠶ᠎ᠡ ᠨᠠᠶᠢᠷ ᠢ ᠰᠤᠷᠳᠠᠯᠴᠢᠯᠠᠨ ᠤᠬᠠᠭᠤᠯᠤᠭᠰᠠᠨ ᠱᠤᠭᠤᠮᠠᠯ  ᠢᠶᠠᠷ ᠰᠡᠳᠦᠪᠯᠡᠵᠦ᠂ ᠴᠢᠩᠬᠢᠰ ᠤᠨ ᠪᠢᠯᠢᠭ ᠰᠤᠷᠭᠠᠯ ᠤᠨ ᠦᠰᠦᠨ ᠪᠢᠷ ᠎ ᠤᠨ ᠪᠢᠴᠢᠯᠭᠡ ᠪᠠᠷ ᠴᠢᠮᠡᠭᠯᠡᠭᠰᠡᠨ ᠨᠢ ᠭᠤᠶᠤᠯᠠᠯ ᠬᠢᠭᠡᠳ ᠬᠦᠮᠦᠵᠢᠯ ᠢ ᠡᠪᠳᠡᠢ ᠰᠠᠶᠢᠬᠠᠨ ᠤᠶᠠᠯᠳᠤᠭᠤᠯᠵᠤ ᠴᠢᠳᠠᠭᠰᠠᠨ ᠪᠠᠶᠢᠨ᠎ᠠ᠃
     ᠨᠤᠮ ᠪᠢᠴᠢᠭ ᠨᠢ ᠶᠢᠷᠳᠢᠨᠴᠤ ᠶᠢ ᠬᠠᠷᠠᠬᠤ ᠬᠠᠶᠠᠭᠠᠪᠴᠢ ᠪᠤᠯᠤᠭᠰᠠᠨ ᠤ ᠬᠤᠪᠢ ᠳᠤ ᠲᠤᠰ ᠰᠤᠷᠭᠠᠭᠤᠯᠢ ᠨᠢ ᠴᠤᠯᠤ ᠮᠤᠩᠭᠤᠯ ᠤᠨᠴᠠᠯᠢᠭ ᠪᠦᠬᠦᠢ《 ᠡᠷᠳᠡᠨᠢ ᠶᠢᠨ ᠲᠤᠪᠴᠢ 》ᠨᠤᠮ ᠤᠨ ᠦᠷᠦᠭᠡ  ᠶᠢ ᠪᠦᠳᠦᠭᠡᠨ ᠪᠠᠶᠢᠭᠤᠯᠵᠤ ᠂ ᠰᠠᠷᠠᠭᠤᠯ ᠲᠤᠬᠢᠯᠢᠭ ᠨᠤᠮ ᠤᠩᠰᠢᠬᠤ ᠤᠷᠴᠢᠨ ᠢ ᠪᠦᠷᠢᠳᠦᠭᠦᠯᠦᠭᠰᠡᠨ ᠢᠶᠠᠷ ᠪᠠᠷᠠᠬᠤ ᠦᠭᠡᠢ᠂ ᠮᠤᠩᠭᠤᠯ ᠴᠠᠢ ᠶᠢᠨ ᠦᠷᠦᠭᠡ᠂ ᠺᠤᠹᠧ ᠶᠢᠨ ᠦᠷᠦᠭᠡ ᠵᠡᠷᠭᠡ ᠪᠠᠭᠰᠢ ᠠᠵᠢᠯᠳᠠᠳ ᠤᠨ ᠨᠤᠮ ᠤᠨ ᠦᠷᠦᠭᠡ ᠶᠢ ᠬᠢᠵᠦ᠂ ᠨᠤᠮ ᠰᠤᠷᠤᠯᠴᠠᠯᠭ᠎ᠠ ᠶᠢ ᠴᠢᠬᠤᠯᠠᠴᠢᠯᠠᠳᠠᠭ ᠪᠠᠭᠰᠢ ᠰᠤᠷᠤᠭᠴᠢ ᠶᠢᠨ ᠡᠩᠨᠡᠭᠡ ᠶᠢ ᠪᠦᠷᠢᠯᠳᠦᠭᠦᠯᠬᠦ ᠶᠢ ᠵᠤᠷᠢᠭᠰᠠᠨ ᠪᠠᠶᠢᠨ᠎ᠠ᠃
     ᠰᠠᠷᠠᠭᠤᠯ ᠰᠠᠶᠢᠬᠠᠨ ᠠᠩᠬᠢ ᠶᠢᠨ ᠬᠡᠷ ᠪᠤᠯᠭᠠᠨ ᠳᠤ ᠤᠳᠤᠬᠢᠴᠢᠯᠠᠭᠰᠠᠨ ᠵᠢᠭᠠᠨ ᠰᠤᠷᠭᠠᠬᠤ ᠲᠤᠨᠤᠭ ᠲᠦᠭᠦᠭᠡᠷᠦᠮᠵᠢ ᠶᠢ ᠤᠭᠰᠠᠷᠠᠵᠤ᠂ ᠠᠰᠠᠷ ᠤᠨ ᠲᠠᠪᠬᠤᠷᠭ᠎ᠠ ᠪᠦᠷᠢ᠂ ᠠᠩᠬᠢ ᠶᠢᠨ ᠭᠡᠷ ᠪᠦᠷᠢ᠂ ᠭᠤᠳᠤᠮᠵᠢ ᠪᠤᠯᠤᠩ ᠪᠦᠷᠢ ᠶᠢ ᠦᠪᠡᠷᠮᠢᠴᠡ ᠤᠨᠴᠠᠯᠢᠭ ᠲᠠᠢ ᠰᠤᠶᠤᠯ ᠤᠨ ᠪᠦᠳᠦᠭᠡᠨ ᠪᠠᠶᠢᠭᠤᠯᠤᠯᠳᠠ ᠪᠠᠷ ᠬᠢᠭᠰᠡᠨ ᠨᠢ ᠬᠡᠥᠭᠡᠳ ᠤᠨ ᠦᠰᠦᠨ ᠪᠤᠶᠢᠵᠢᠯᠳᠠ ᠶᠢᠨ ᠤᠨᠴᠠᠯᠢᠭ ᠲᠤ ᠵᠤᠬᠢᠴᠠᠭᠰᠠᠨ ᠮᠦᠷᠳᠡᠭᠡᠨ ᠬᠠᠯᠠᠭᠤᠨ  ᠲᠤᠯᠠᠭᠠᠨ ᠬᠠᠮᠳᠤ ᠨᠡᠶᠢᠳᠡ ᠶᠢᠨ ᠠᠭᠤᠷ ᠠᠮᠢᠰᠬᠤᠯ ᠢ ᠪᠦᠷᠢᠳᠦᠭᠦᠯᠦᠭᠰᠡᠨ ᠪᠠᠶᠢᠨ᠎ᠠ᠃《 ᠰᠡᠳᠬᠢᠯ ᠤᠨ ᠰᠢᠪᠡᠨᠡᠭᠡ 》《 ᠮᠢᠨᠦ ᠬᠦᠰᠡᠯᠡᠩ 》《 ᠰᠤᠷᠭᠠᠭᠤᠯᠢ ᠮᠢᠨᠢ ᠪᠠᠶᠠᠷᠳᠠᠢ 》《 ᠡᠷᠬᠢᠵᠦ ᠰᠠᠨᠠᠭᠳᠠᠬᠤ ᠡᠯᠢᠭᠡᠨ ᠰᠤᠷᠭᠠᠭᠤᠯᠢ 》 ᠵᠡᠷᠭᠡ ᠬᠡᠷᠡᠮ  ᠤᠨ ᠰᠤᠶᠤᠯ ᠎ ᠤᠨ ᠪᠦᠳᠦᠭᠡᠨ ᠪᠠᠶᠢᠭᠤᠯᠤᠯᠳᠠ ᠪᠠᠷ ᠬᠡᠥᠭᠡᠳ ᠪᠠᠭᠠᠴᠤᠳ ᠤᠨ ᠡᠬᠡ ᠰᠤᠷᠭᠠᠭᠤᠯᠢ ᠪᠠᠨ ᠬᠠᠶᠢᠷᠠᠯᠠᠬᠤ᠂ ᠴᠢᠷᠮᠠᠶᠢᠨ ᠰᠤᠷᠤᠯᠴᠠᠵᠤ ᠦᠭᠡᠳᠡᠷᠭᠡᠭ ᠠᠮᠢᠳᠤᠷᠠᠬᠤ ᠦᠵᠡᠯᠳᠡ  ᠶᠢ ᠪᠤᠢ ᠪᠤᠯᠭᠠᠬᠤ  ᠶᠢ ᠵᠤᠷᠢᠭᠰᠠᠨ ᠪᠠᠶᠢᠨ᠎ᠠ᠃《 ᠠᠯᠳᠠᠨ ᠰᠢᠷᠡᠭᠡ 》 ᠮᠤᠩᠭᠤᠯ ᠰᠢᠳᠠᠷ᠎ᠠ ᠶᠢᠨ ᠭᠤᠳᠤᠮᠵᠢ ᠵᠡᠷᠭᠡ ᠲᠤᠷ᠎ᠠ ᠰᠤᠨᠢᠷᠬᠠᠯ ᠤᠨ ᠬᠢᠴᠢᠶᠡᠯᠯᠡᠭᠡ ᠶᠢᠨ ᠬᠡᠷ ᠦᠷᠦᠭᠡ ᠵᠢᠴᠢ ᠲᠠᠭᠤᠤ ᠵᠢᠷᠤᠭ ᠤᠨ ᠬᠢᠴᠢᠶᠡᠯ ᠤᠨ ᠲᠢᠩᠬᠢᠮ ᠨᠢ ᠴᠦᠮ ᠬᠢᠴᠢᠶᠡᠯ ᠲᠦᠷᠦᠯ ᠤᠨ ᠤᠨᠴᠠᠯᠢᠭ ᠬᠡᠷᠡᠭᠴᠡᠭᠡ ᠪᠦᠬᠦᠢ ᠴᠢᠮᠡᠭᠯᠡᠯ ᠲᠦᠭᠦᠭᠡᠷᠦᠮᠵᠢ ᠶᠢ ᠲᠤᠬᠢᠷᠠᠭᠤᠯᠵᠤ᠂ ᠭᠤᠸ᠎ᠠ ᠰᠠᠶᠢᠬᠠᠨ ᠤ ᠬᠦᠮᠦᠵᠢᠯ ᠪᠠ ᠬᠢᠴᠢᠶᠡᠯᠯᠡᠭᠡ ᠰᠤᠷᠤᠯᠴᠠᠯᠭ᠎ᠠ ᠳᠤ ᠪᠠᠨ ᠠᠮᠵᠢᠯᠳᠠᠳᠠᠢ ᠦᠢᠯᠡᠴᠢᠯᠡᠵᠦ ᠴᠢᠳᠠᠭᠰᠠᠨ ᠪᠠᠶᠢᠨ᠎ᠠ᠃ ᠡᠭᠦᠨ ᠠᠴᠠ ᠭᠠᠳᠠᠨ᠎ᠠ ᠤᠳᠤᠬᠢᠴᠢᠯᠠᠭᠰᠠᠨ ᠰᠢᠨᠵᠢᠯᠡᠬᠦ ᠤᠬᠠᠭᠠᠨ  ᠤ ᠲᠤᠷᠰᠢᠯᠳᠠ  ᠶᠢᠨ ᠦᠷᠦᠭᠡ ᠵᠢᠴᠢ ᠲᠧᠭᠨᠢᠭ ᠮᠡᠷᠭᠡᠵᠢᠯ ᠤᠨ ᠦᠷᠦᠭᠡ᠂ ᠠᠨᠢᠮᠠᠢ  ᠶᠢᠨ ᠦᠷᠦᠭᠡ᠂ ᠺᠤᠮᠫᠢᠦ᠋ᠲ᠋ᠧᠷ  ᠤᠨ ᠦᠷᠦᠭᠡ ᠵᠡᠷᠭᠡ ᠴᠠᠭ ᠦᠶ᠎ᠡ  ᠶᠢᠨ ᠤᠨᠴᠠᠯᠢᠭ ᠪᠦᠬᠦᠢ ᠬᠢᠴᠢᠶᠡᠯ  ᠤᠨ ᠲᠢᠩᠬᠢᠮ ᠨᠢ ᠬᠡᠥᠭᠡᠳ ᠪᠠᠭᠠᠴᠤᠳ  ᠤᠨ ᠰᠢᠨ᠎ᠡ ᠮᠡᠷᠭᠡᠵᠢᠯ ᠴᠢᠳᠠᠪᠦᠷᠢ ᠡᠵᠡᠮᠰᠢᠬᠦ  ᠶᠢᠨ ᠰᠠᠭᠤᠷᠢ  ᠶᠢ ᠲᠠᠯᠪᠢᠵᠤ ᠪᠠᠶᠢᠳᠠᠭ᠃ ᠦᠰᠦᠨ ᠪᠢᠷ  ᠤᠨ ᠪᠢᠴᠢᠯᠭᠡ  ᠶᠢᠨ ᠦᠷᠦᠭᠡ᠂ ᠭᠠᠷ ᠤᠷᠠᠯᠠᠯ  ᠤᠨ ᠬᠢᠴᠢᠶᠡᠯ  ᠤᠨ ᠭᠡᠷ᠂ ᠬᠢᠴᠢᠶᠡᠯ ᠰᠢᠩᠬᠡᠭᠡᠵᠦ ᠰᠤᠨᠤᠰᠬᠤ ᠲᠤᠰᠬᠠᠢ ᠬᠡᠷ᠂ ᠪᠦᠵᠢᠭ  ᠤᠨ ᠲᠢᠩᠬᠢᠮ᠂ ᠭᠦᠭᠵᠢᠮ  ᠤᠨ ᠬᠡᠷ ᠵᠡᠷᠭᠡ ᠪᠦᠷᠢᠨ ᠢᠵᠢ ᠪᠠᠶᠢᠵᠤ ᠪᠦᠬᠦ ᠲᠠᠯ᠎ᠠ ᠪᠠᠷ ᠬᠦᠭᠵᠢᠬᠦ ᠬᠡᠪ ᠴᠢᠨᠠᠷ  ᠤᠨ ᠰᠤᠷᠭᠠᠨ ᠬᠦᠮᠦᠵᠢᠯ ᠤᠨ ᠨᠦᠭᠦᠴᠡᠯ ᠪᠤᠯᠤᠮᠵᠢ ᠶᠢ ᠬᠦᠢᠴᠡᠳ ᠬᠠᠩᠭᠠᠭᠰᠠᠨ ᠪᠠᠶᠢᠨ᠎ᠠ᠃      ᠪᠡᠶ᠎ᠡ ᠮᠠᠬᠠᠪᠤᠳ  ᠢᠶᠠᠨ ᠴᠢᠬᠢᠷᠠᠭᠵᠢᠭᠤᠯᠤᠨ᠂ ᠡᠷᠡᠭᠦᠯ ᠰᠤᠳᠤᠨ ᠦᠰᠦᠨ ᠪᠤᠶᠢᠵᠢᠬᠤ ᠪᠤᠯ ᠬᠡᠥᠭᠡᠳ ᠪᠠᠭᠠᠴᠤᠳ  ᠤᠨ ᠲᠡᠷᠢᠭᠦᠨ ᠴᠢᠬᠤᠯᠠ ᠠᠰᠠᠭᠤᠳᠠᠯ ᠮᠦᠨ᠃ ᠲᠤᠰ ᠰᠤᠷᠭᠠᠭᠤᠯᠢ ᠨᠢ ᠪᠠᠷᠢᠮᠵᠢᠶ᠎ᠠ ᠲᠤᠬᠢᠯᠢᠭ᠂ ᠠᠭᠤᠳᠠᠮ ᠰᠠᠶᠢᠬᠠᠨ ᠲᠠᠮᠢᠷ  ᠤᠨ ᠲᠠᠯᠠᠪᠤᠷ ᠲᠠᠢ ᠪᠠᠶᠢᠵᠤ᠂ ᠡᠯ᠎ᠡ ᠵᠦᠢᠯ  ᠤᠨ ᠬᠦᠳᠡᠯᠭᠡᠭᠡᠨ  ᠤ ᠲᠠᠯᠠᠪᠠᠢ ᠪᠠ ᠲᠤᠨᠤᠭ ᠲᠦᠭᠦᠭᠡᠷᠦᠮᠵᠢ ᠪᠦᠷᠢᠨ ᠢᠵᠢ ᠪᠠᠶᠢᠳᠠᠭ ᠢᠶᠠᠷ ᠪᠠᠷᠠᠬᠤ ᠦᠭᠡᠢ ᠰᠠᠯᠬᠢ ᠪᠤᠷᠤᠭᠠᠨ᠂ ᠬᠦᠢᠳᠡᠨ ᠬᠠᠯᠠᠭᠤᠨ ᠢ ᠬᠠᠯᠬᠠᠯᠠᠬᠤ ᠠᠴᠠ ᠲᠠᠮᠢᠷ ᠤᠨ ᠤᠷᠳᠤᠨ ᠲᠠᠢ ᠪᠠᠶᠢᠳᠠᠭ᠃ ᠡᠭᠦᠨ  ᠤ ᠲᠤᠳᠤᠷ᠎ᠠ ᠪᠠᠨ ᠪᠦᠭᠡ  ᠶᠢᠨ ᠤᠷᠳᠤᠨ᠂ ᠰᠤᠷ ᠬᠠᠷᠪᠤᠯᠳᠠ  ᠶᠢᠨ ᠤᠷᠳᠤᠨ᠂ ᠪᠡᠶ᠎ᠡ ᠪᠤᠯᠪᠠᠰᠤᠷᠠᠭᠤᠯᠬᠤ ᠦᠷᠦᠭᠡ᠂ ᠴᠢᠴᠢᠭᠦᠷ ᠪᠦᠮᠪᠦᠭᠡᠨ  ᠤ ᠬᠡᠷ᠂ ᠫᠢᠩᠫᠠᠩ ᠪᠦᠮᠪᠦᠭᠡᠨ  ᠤ ᠦᠷᠦᠭᠡ ᠵᠡᠷᠭᠡ ᠲᠤᠰ ᠪᠦᠷᠢ ᠳᠤ ᠪᠠᠨ ᠪᠠᠶᠢᠵᠤ᠂ ᠡᠯ᠎ᠡ ᠵᠦᠢᠯ  ᠤᠨ ᠬᠦᠳᠡᠯᠭᠡᠭᠡᠨ ᠲᠠᠮᠢᠷ  ᠢ ᠦᠷᠨᠢᠭᠦᠯᠦᠨ ᠬᠢᠴᠢᠶᠡᠯᠯᠡᠬᠦ ᠳᠤ ᠪᠦᠷᠢᠨ ᠲᠦᠭᠦᠷ ᠨᠦᠭᠦᠴᠡᠯ ᠲᠠᠢ ᠪᠤᠯᠤᠭᠰᠠᠨ ᠪᠠᠶᠢᠳᠠᠭ᠃ ᠵᠢᠯ ᠪᠦᠷᠢ  ᠶᠢᠨ ᠨᠠᠮᠤᠷ ᠎ ᠤᠨ ᠤᠯᠠᠷᠢᠯ  ᠢᠶᠠᠷ ᠶᠠᠪᠤᠭᠳᠠᠬᠤ ᠬᠦᠨᠳᠦ ᠬᠦᠩᠭᠡᠨ ᠪᠡᠶ᠎ᠡ ᠲᠠᠮᠢᠷ  ᠤᠨ ᠨᠠᠭᠠᠳᠤᠮ ᠬᠢᠭᠡᠳ ᠵᠢᠷᠭᠤᠭᠠᠨ ᠰᠠᠷ᠎ᠠ  ᠶᠢᠨ ᠨᠢᠭᠡᠨ  ᠤ ᠬᠡᠥᠭᠡᠳ  ᠤᠨ ᠪᠠᠶᠠᠷ ᠢᠶᠠᠷ ᠶᠠᠪᠤᠭᠳᠠᠬᠤ ᠤᠯᠠᠮᠵᠢᠯᠠᠯᠳᠤ ᠲᠠᠮᠢᠷ ᠤᠷᠠᠯᠢᠭ  ᠤᠨ ᠨᠠᠭᠠᠳᠤᠮ ᠵᠡᠷᠭᠡ ᠨᠢ ᠬᠡᠥᠭᠡᠳ ᠪᠠᠭᠠᠴᠤᠳ  ᠤᠨ ᠤᠷ᠎ᠠ ᠠᠪᠢᠶᠠᠰ  ᠢ ᠪᠠᠨ ᠲᠠᠪᠳᠠᠨ ᠰᠤᠷᠢᠬᠤ᠂ ᠢᠯᠡᠷᠡᠭᠦᠯᠦᠨ ᠪᠤᠯᠪᠠᠰᠤᠷᠠᠭᠤᠯᠬᠤ᠂ ᠤᠷᠤᠯᠳᠤᠨ ᠮᠦᠷᠦᠶᠢᠴᠡᠬᠦ ᠲᠠᠪᠴᠠᠩ ᠪᠤᠯᠳᠠᠭ᠃
     ᠬᠤᠭᠤᠯᠠᠨ ᠲᠢᠩᠬᠢᠮ ᠬᠢᠭᠡᠳ ᠪᠠᠶᠢᠷᠢ  ᠶᠢᠨ ᠨᠦᠭᠦᠴᠡᠯ ᠨᠢ ᠴᠤ ᠤᠳᠤᠬᠢᠴᠢᠯᠠᠭᠰᠠᠨ ᠰᠢᠯᠢᠳᠡᠭ ᠲᠤᠨᠤᠭ ᠲᠦᠭᠦᠭᠡᠷᠦᠮᠵᠢ ᠬᠢᠭᠡᠳ ᠦᠢᠯᠡᠴᠢᠯᠡᠭᠡ ᠲᠠᠢ ᠪᠠᠶᠢᠳᠠᠭ ᠠᠴᠠ ᠬᠡᠥᠭᠡᠳ ᠪᠠᠭᠠᠴᠤᠳ  ᠤᠨ ᠦᠰᠦᠨ ᠪᠤᠶᠢᠵᠢᠯᠳᠠ ᠳᠤ ᠲᠤᠬᠢᠷᠠᠭᠰᠠᠨ ᠠᠴᠠ ᠭᠡᠷ  ᠤᠨ ᠠᠬᠠᠮᠠᠳ  ᠤᠨ ᠰᠠᠶᠢᠨ ᠦᠨᠡᠯᠡᠯᠳᠡ᠂ ᠰᠠᠶᠢᠰᠢᠶᠠᠯ ᠮᠠᠭᠳᠠᠭᠠᠯ  ᠢ ᠬᠦᠷᠳᠡᠵᠦ᠂ ᠬᠡᠥᠭᠡᠳ ᠪᠠᠭᠠᠴᠤᠳ  ᠤᠨ ᠬᠠᠯᠠᠭᠤᠨ ᠦᠯᠦᠭᠡᠢ᠂ ᠲᠤᠯᠭᠠᠨ ᠪᠠᠭᠤᠴᠠ ᠪᠤᠯᠤᠭᠰᠠᠨ ᠪᠠᠶᠢᠳᠠᠭ᠃      ᠡᠵᠡᠨ ᠬᠤᠷᠤᠭ᠎ᠠ ᠬᠤᠰᠢᠭᠤᠨ  ᠤ ᠮᠤᠩᠭᠤᠯ ᠪᠠᠭ᠎ᠠ ᠰᠤᠷᠭᠠᠭᠤᠯᠢ ᠨᠢ ᠰᠢᠨ᠎ᠡ ᠴᠠᠭ ᠦᠶ᠎ᠡ  ᠶᠢᠨ ᠬᠦᠭᠵᠢᠯᠳᠡ ᠱᠠᠭᠠᠷᠳᠠᠯᠭ᠎ᠠ  ᠶᠢᠨ ᠲᠤᠤᠷ᠎ᠠ ᠤᠭ ᠰᠠᠨᠠᠭ᠎ᠠ ᠪᠠᠨ ᠮᠠᠷᠳᠠᠯ ᠦᠭᠡᠢ᠂ ᠡᠭᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠵᠦ᠂ ᠦᠨᠳᠦᠰᠦᠳᠡᠨ ᠶᠠᠰᠤᠳᠠᠨ  ᠤ ᠪᠠᠨ ᠢᠷᠡᠭᠡᠳᠦᠢ᠂ ᠤᠯᠤᠰ ᠤᠷᠤᠨ  ᠤ ᠪᠠᠨ ᠬᠦᠭᠵᠢᠯ ᠮᠠᠨᠳᠤᠯ ᠳᠤ ᠦᠪᠡᠷ  ᠤᠨ ᠬᠤᠪᠢ ᠨᠡᠮᠡᠷᠢ᠂ ᠬᠠᠨᠳᠢᠪ ᠬᠦᠴᠦ ᠪᠠᠨ ᠨᠡᠮᠡᠷᠢᠯᠡᠬᠦ ᠪᠠᠷ ᠲᠤᠤᠭᠠᠷᠪᠠᠯ ᠲᠠᠭᠤ ᠨᠢᠭᠡ᠂ ᠲᠤᠭᠳᠤᠷᠪᠠᠯ ᠬᠦᠴᠦᠨ ᠨᠢᠭᠡ ᠪᠠᠷ ᠮᠡᠷᠡᠶᠢᠨ ᠴᠢᠷᠮᠠᠶᠢᠵᠤ ᠤᠷᠤᠭᠰᠢ ᠲᠠᠪᠰᠢᠭᠰᠠᠭᠠᠷ᠃ ᠨᠡᠩ ᠬᠡᠭᠡᠨ ᠰᠠᠷᠠᠭᠤᠯ ᠢᠷᠡᠭᠡᠳᠦᠢ ᠯᠠᠪᠳᠠᠢ ᠪᠢᠳᠡᠨ  ᠤ ᠬᠢ︕
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号