ᠳᠡᠭᠡᠭ ᠤᠨ ᠰᠢᠯᠢ ᠶᠢᠨ ᠲᠡᠷᠢᠬᠦᠨ ᠦᠭᠡᠷᠴᠢᠨ
ᠨᠡᠶᠢᠲᠡᠯᠡᠭᠰᠡᠨ ᠴᠠᠭ᠄
2020/12/1
     ᠤᠢᠢᠷ᠎ᠠ ᠳᠤ᠂ ᠡᠵᠡᠨ ᠬᠤᠷᠤᠭ᠎ᠠ ᠬᠤᠰᠢᠭᠤᠨ ᠤ ᠬᠤᠨᠢᠴᠢᠨᠭᠤᠤᠯ ᠪᠠᠯᠭᠠᠰᠦ ᠶᠢᠨ ᠳᠡᠭᠡᠭ ᠤᠨ ᠰᠢᠯᠢ ᠲᠤᠰᠬᠤᠨ ᠤ 62 ᠨᠠᠰᠦᠲᠠᠢ ᠥᠬᠡᠷᠴᠢᠨ ᠯᠢ ᠾᠧᠦ ᠴᠢᠩ 40 ᠥᠬᠡᠷ ᠬᠤᠳᠠᠯᠳᠤᠵᠦ᠂ 80 ᠲᠦᠮᠡᠨ ᠲᠦᠬᠦᠷᠢᠭ ᠬᠠᠷᠮᠠᠯᠠᠬᠰᠠᠠ ᠰᠠᠶᠢᠬᠠᠠ ᠴᠢᠮᠡᠭᠡ ᠬᠤᠯᠠ ᠤᠢᠢᠷ᠎ᠠ ᠶᠢᠨ ᠰᠠᠶᠢᠬᠠᠠ ᠰᠤᠨᠤᠰᠬᠠᠯ᠂ ᠬᠤᠳᠠᠯᠠ ᠳᠦᠮᠡᠡ ᠤ ᠴᠠᠢ ᠶᠢᠨ ᠵᠤᠭᠤᠭ ᠪᠤᠯᠵᠦ ᠳᠠᠷᠬᠠᠭᠳᠠᠨ᠎ᠠ᠃      ᠯᠢ ᠾᠧᠦ ᠴᠢᠩ ᠬᠡᠳᠦ᠋ᠢᠪᠡᠷ ᠬᠢᠳᠠᠳ ᠥᠨᠳᠦᠰᠦᠲᠡᠨ ᠪᠤᠯᠪᠠᠴᠦ ᠮᠠᠯᠵᠢᠬᠤ ᠤᠷᠤᠨ ᠳᠤ ᠲᠥᠷᠥᠵᠤ᠂ ᠮᠤᠩᠭᠤᠯᠴᠤᠳ ᠲᠠᠢ ᠬᠠᠮᠲᠦ ᠥᠰᠥᠭᠰᠡᠨ ᠲᠤᠯᠠ ᠮᠠᠯ ᠮᠠᠯᠵᠢᠬᠤ ᠨᠢ ᠲᠡᠬᠦᠨ ᠳᠤ ᠠᠪᠴᠦ ᠬᠡᠯᠡᠪᠡᠯ ᠬᠦᠴᠢᠷ ᠶᠠᠪᠤᠳᠠᠯ ᠪᠢᠰᠢ ᠪᠠᠶᠢᠯ᠎ᠠ᠃ 1958 ᠤᠨ ᠳᠤ ᠲᠥᠷᠥᠭᠰᠡᠨ ᠯᠢ ᠾᠧᠦ ᠴᠢᠩ ᠠᠬ᠎ᠠ ᠳᠡᠬᠦᠦ ᠲᠠᠪᠦᠭᠤᠯᠠ ᠶᠢᠨ ᠤᠤᠭᠠᠨ ᠨᠢ ᠪᠠᠶᠢᠵᠤ᠂ ᠳᠤᠬᠠᠢ ᠶᠢᠨ ᠦᠶ᠎ᠠ ᠳᠤ ᠠᠷᠠᠳ ᠤᠨ ᠰᠤᠷᠭᠠᠭᠤᠯᠢ ᠶᠢᠨ ᠠᠯᠲᠠᠨ ᠪᠤᠱᠤᠭ᠎ᠠ ᠶᠢ ᠠᠯᠬᠤᠬᠤ ᠨᠠᠰᠤᠨ ᠳᠤ ᠬᠦᠷᠦᠭᠰᠡᠨ ᠪᠤᠯᠪᠠᠴᠤ ᠠᠮᠢᠳᠦᠷᠠᠯ ᠤᠨ ᠬᠦᠴᠢᠷᠳᠡᠯ ᠠᠴᠠ ᠪᠤᠯᠵᠤ ᠰᠤᠷᠭᠠᠭᠤᠯᠢ ᠳᠤ ᠤᠷᠤᠬᠤ ᠵᠠᠪᠰᠢᠶᠠᠨ ᠢᠶᠠᠨ ᠤᠷᠬᠢᠨ ᠠᠷᠦ ᠭᠡᠷ ᠲᠡᠭᠡᠨ ᠦᠯᠡᠳᠡᠵᠤ ᠬᠤᠨᠢᠴᠢᠨ ᠬᠡᠤᠬᠡᠳ ᠪᠤᠯᠵᠡᠢ᠃ ᠭᠡᠷ ᠪᠦ᠋ᠯᠢ ᠶᠢᠨ ᠠᠵᠤ ᠠᠬᠤᠢ ᠶᠢᠨ ᠳᠠᠷᠤᠭᠠᠰᠦ ᠶᠢ ᠬᠥᠡᠭᠭᠡᠷᠡᠬᠦᠯᠵᠤ ᠳᠡᠬᠦᠦ ᠨᠠᠷ ᠲᠠᠭᠠᠨ ᠰᠤᠷᠤᠯᠴᠠᠬᠤ ᠵᠠᠪᠰᠢᠶᠠᠨ ᠤᠯᠭᠤᠶ᠎ᠡ ᠭᠡᠰᠡᠨ ᠢᠲᠡᠭᠡᠯ ᠡᠪᠦᠷᠯᠡᠭᠰᠡᠨ ᠯᠢ ᠾᠧᠦ ᠴᠢᠩ ᠠᠷᠪᠠᠨ ᠬᠡᠳᠤᠨ ᠨᠠᠰᠤᠨ ᠠᠴᠠ ᠪᠠᠨ ᠡᠬᠢᠯᠡᠨ ᠬᠠᠷᠢ ᠨᠤᠲᠤᠭ ᠢᠶᠠᠷ ᠬᠥᠯᠥᠰᠥᠨ ᠠᠵᠢᠯ ᠬᠢᠵᠤ ᠪᠤᠰᠤᠳ ᠲᠤ ᠮᠠᠯ ᠬᠠᠷᠢᠭᠤᠯᠵᠤ ᠶᠠᠪᠦᠪᠠ᠃ ᠮᠠᠯᠴᠢᠨ ᠬᠦᠮᠦᠨ ᠮᠠᠯ ᠳᠠᠭᠠᠨ ᠬᠠᠶᠢᠷ᠎ᠡ ᠲᠠᠢ ᠪᠠᠶᠢᠳᠠᠭ ᠪᠤᠯᠬᠤᠷ ᠬᠠᠭᠠᠰ ᠨᠠᠰᠦ ᠪᠠᠷ ᠢᠶᠠᠨ ᠪᠤᠰᠤᠳ ᠲᠤ ᠮᠠᠯ ᠬᠠᠷᠢᠭᠤᠯᠵᠤ ᠶᠠᠪᠤᠭᠰᠠᠨ ᠯᠢ ᠾᠧᠦ ᠴᠢᠩ ᠰᠡᠳᠬᠢᠯ ᠳᠤᠲᠤᠷ᠎ᠡ ᠪᠠᠨ ᠬᠡᠵᠢᠶ᠎ᠡ ᠨᠢᠭᠡᠨ ᠡᠳᠤᠷ ᠥᠪᠡᠷ ᠤᠨ ᠬᠡᠰᠡᠨ ᠮᠠᠯ ᠰᠦᠷᠦᠭ ᠲᠠᠢ ᠪᠤᠯᠴᠢᠬᠠᠬᠤ ᠪᠢᠯᠡ︕ ᠭᠡᠮᠡᠨ ᠡᠳᠤᠷ ᠤᠨ ᠪᠤᠳᠤᠯ ᠰᠦᠨᠢ ᠶᠢᠨ ᠵᠡᠬᠦᠳᠦᠨ ᠳᠡᠭᠡᠨ ᠬᠦᠰᠡᠨ ᠮᠥᠷᠥᠭᠡᠳᠴᠤ ᠶᠠᠪᠤᠳᠠᠭ ᠪᠠᠶᠢᠵᠠᠢ᠃ ᠬᠠᠷᠢᠨ ᠨᠠᠮ ᠵᠠᠰᠠᠭ ᠤᠨ ᠰᠠᠶᠢᠨ ᠲᠥᠷᠥ ᠶᠢᠨ ᠪᠤᠳᠤᠯᠭ᠎ᠠ ᠶᠢᠨ ᠠᠴᠢ ᠪᠠᠷ ᠡᠨᠡ ᠬᠦ ᠡᠷᠡᠮᠡᠯᠵᠡᠯ ᠨᠢ 2015 ᠤᠨ ᠳᠤ ᠪᠡᠶᠡᠯᠡᠭᠳᠡᠯ ᠎ᠡ᠃ ︽ᠲᠤᠬᠠᠢ ᠶᠢᠨ ᠦᠶᠡᠰ ᠳᠡᠭᠡᠭ ᠤᠨ ᠰᠢᠯᠢ ᠲᠤᠰᠬᠤᠨ ᠬᠡᠪᠴᠢᠶᠡᠵᠢᠬᠦᠯᠦᠭᠰᠡᠨ ᠲᠡᠵᠢᠭᠡᠨ ᠦᠷᠡᠵᠢᠭᠦᠯᠬᠦ ᠲᠥᠷᠥᠯ ᠵᠦᠢᠯ ᠢ ᠡᠬᠢᠯᠡᠨ ᠬᠡᠷᠡᠭᠵᠢᠬᠦᠯᠵᠤ᠂ ᠳᠤᠰᠬᠤᠨ ᠤ ᠠᠷᠠᠳ ᠤᠨ ᠥᠬᠡᠷ ᠲᠡᠵᠢᠭᠡᠬᠦ ᠤᠢᠢᠯᠡᠰ ᠢ ᠡᠷᠬᠢᠯᠡᠬᠦ ᠶᠢ ᠪᠡᠯᠡ ᠮᠥᠡᠭᠬᠦ ᠪᠠᠷ ᠳᠡᠮᠵᠢᠨ᠎ᠡ ᠭᠡᠰᠡᠨ ᠴᠢᠮᠡᠭᠡ ᠶᠢ ᠰᠤᠨᠤᠰᠤᠮᠠᠭᠴᠠ ᠪᠢ ᠬᠦᠯᠦᠰᠤᠨ ᠠᠵᠢᠯ ᠢᠶᠠᠨ ᠬᠠᠶᠠᠵᠦ ᠨᠤᠲᠤᠭ ᠲᠠᠭᠠᠨ ᠬᠠᠷᠢᠭᠰᠠᠨ ᠶᠤᠮ︾ ᠭᠡᠵᠤ ᠯᠢ ᠾᠧᠦ ᠴᠢᠩ ᠡᠷᠬᠢᠴᠡᠬᠦᠯᠦᠨ᠎ᠡ᠃      ᠲᠤᠰᠬᠤᠨ ᠤ ᠬᠠᠮᠲᠦ ᠨᠡᠶᠢᠲᠡ ᠠᠴᠠ ᠭᠠᠷᠭᠠᠭᠰᠠᠨ ᠨᠦᠬᠦᠪᠦᠷᠢ ᠮᠥᠡᠭᠬᠦᠨ ᠤ ᠳᠡᠭᠡᠷ᠎ᠡ ᠥᠪᠡᠷ ᠤᠨ ᠬᠠᠳᠠᠭᠠᠯᠠᠭᠰᠠᠨ 7 ᠲᠦᠮᠡᠨ ᠲᠦᠬᠦᠷᠢᠭ ᠢᠶᠠᠨ ᠨᠡᠮᠡᠭᠡᠳ 2015 ᠤᠨ ᠳᠤ ᠯᠢ ᠾᠧᠦ ᠴᠢᠩ ᠠᠷᠪᠠᠨ ᠬᠡᠳᠤᠨ ᠨᠤᠲᠤᠭ ᠤᠨ ᠥᠬᠡᠷ ᠬᠤᠳᠠᠯᠳᠤᠨ ᠠᠪᠴᠦ᠂ ᠥᠪᠡᠷ ᠤᠨ ᠥᠬᠡᠷ ᠲᠡᠵᠢᠭᠡᠬᠦ ᠤᠢᠢᠯᠡᠰ ᠢᠶᠠᠨ ᠪᠤᠰᠬᠠᠵᠤ ᠡᠬᠢᠯᠡᠵᠡᠢ᠃ ᠬᠠᠷᠢ ᠨᠤᠲᠤᠭ ᠢᠶᠠᠷ ᠮᠠᠯ ᠬᠠᠷᠢᠭᠤᠯᠵᠤ ᠶᠠᠪᠤᠭᠰᠠᠨ ᠥᠡᠭᠭᠡᠷᠡᠯᠲᠡ ᠨᠢ ᠲᠡᠬᠦᠨ ᠤ ᠲᠡᠵᠢᠭᠡᠪᠦᠷᠢ ᠶᠢᠨ ᠤᠢᠢᠯᠡᠰ ᠢ ᠡᠷᠬᠢᠯᠡᠬᠦ ᠳᠤ ᠨᠠᠨᠳᠢᠨ ᠲᠤᠷᠰᠢᠯᠭ᠎ᠠ ᠪᠤᠯᠵᠤ᠂ ᠯᠢ ᠾᠧᠦ ᠴᠢᠩ ᠲᠤᠰᠬᠤᠨ ᠤ ᠪᠤᠰᠤᠳ ᠬᠦᠮᠦᠨ ᠠᠴᠠ ᠨᠡᠩ ᠲᠦᠷᠭᠡᠨ ᠢᠶᠠᠷ ᠵᠠᠮ ᠳᠠᠭᠠᠨ ᠤᠷᠤᠭᠰᠠᠨ ᠪᠠᠶᠢᠨ᠎ᠡ᠃ ᠲᠡᠵᠢᠭᠡᠪᠦᠷᠢ ᠶᠢᠨ ᠤᠢᠢᠯᠡᠰ ᠢᠶᠠᠨ ᠪᠤᠵᠠᠭᠠᠢᠢᠷᠠᠭᠤᠯᠤᠶ᠎ᠡ ᠭᠡᠪᠡᠯ ᠡᠷᠭᠡᠪᠰᠢ ᠥᠬᠡᠷ ᠤᠨ ᠡᠬᠦᠯᠳᠡᠷ ᠢᠶᠠᠨ ᠰᠢᠯᠢᠳᠡᠭᠵᠢᠬᠦᠯᠬᠦ ᠬᠡᠷᠡᠭᠲᠡᠢ ᠭᠡᠰᠡᠨ ᠢ ᠤᠬᠠᠵᠤ ᠮᠡᠳᠡᠭᠰᠡᠨ ᠯᠢ ᠾᠧᠦ ᠴᠢᠩ 2016 ᠤᠨ ᠳᠤ ᠵᠡᠬᠦᠨ ᠤᠷᠤᠨ ᠠᠴᠠ 20 ᠭᠠᠷᠤᠢ ᠰᠧᠮᠧᠨ᠋ᠲ᠋ᠡᠷ ᠦᠬᠡᠷ ᠤᠷᠤᠭᠤᠯᠵᠤ᠂ ᠲᠤᠰᠬᠤᠨ ᠤ ᠠᠩᠬᠠᠳᠠᠭᠴᠢ ᠡᠬᠦᠯᠳᠡᠷ ᠤᠨ ᠥᠬᠡᠷ ᠲᠡᠵᠢᠭᠡᠭᠰᠡᠨ ᠡᠷᠥᠭᠡ ᠶᠢᠨ ᠨᠢᠭᠡ ᠪᠤᠯᠪᠠ᠃ ᠵᠢᠯ ᠪᠦᠷᠢ ᠰᠧᠮᠧᠨ᠋ᠲ᠋ᠡᠷ ᠦᠬᠡᠷ ᠲᠡᠭᠡᠨ ᠭᠠᠷ ᠭᠡᠭᠡᠯᠳᠤᠬᠦᠯᠭᠡ ᠬᠢᠵᠤ᠂ ᠬᠡᠬᠡᠯᠢ ᠳᠤᠭᠲᠠᠬᠤ ᠨᠤᠷᠮ᠎ᠡ ᠶᠢ ᠳᠡᠭᠡᠭᠰᠢᠯᠡᠬᠦᠯᠦᠨ᠂ ᠡᠪᠡᠳᠴᠢᠨ ᠡᠮᠬᠡᠭ ᠢ ᠰᠡᠷᠭᠡᠶᠢᠯᠡᠵᠤ᠂ ᠥᠬᠡᠷ ᠤᠨ ᠴᠢᠨᠠᠷ ᠢ ᠪᠠᠲᠤᠯᠠᠭᠰᠠᠨ ᠢᠶᠠᠷ ᠳᠡᠳᠡᠨ ᠤ ᠥᠬᠡᠷ ᠤᠨ ᠲᠤᠭ᠎ᠠ ᠨᠢ ᠤᠯᠠᠳᠴᠤ ᠥᠬᠡᠷ ᠤᠨ ᠪᠤᠷᠤᠯᠠᠭᠤᠯᠭ᠎ᠠ ᠨᠢ ᠨᠡᠮᠡᠭᠳᠡᠵᠡᠢ᠃ ᠥᠬᠡᠷ ᠤᠨ ᠲᠤᠭ᠎ᠠ ᠤᠯᠠᠳᠬᠤ ᠶᠢ ᠳᠠᠭᠠᠯᠳᠤᠨ ᠯᠢ ᠾᠧᠦ ᠴᠢᠩ ᠭᠡᠷ ᠤᠨ ᠡᠮᠦᠨᠡᠬᠢ 100 ᠮᠦ ᠭᠠᠵᠠᠷ ᠳᠡᠭᠡᠷ᠎ᠡ ᠪᠠᠨ ᠳᠡᠵᠢᠭᠡᠯ ᠪᠤᠷᠳᠤᠭᠠᠨ ᠤ ᠡᠷᠳᠡᠨᠢ ᠰᠢᠰᠢ ᠲᠠᠷᠢᠵᠤ᠂ ᠤᠳᠤᠬᠢᠴᠢᠯᠠᠭᠰᠠᠨ ᠲᠠᠷᠢᠶᠠᠯᠠᠩ ᠤᠨ ᠮᠠᠰᠢᠨ ᠬᠤᠳᠠᠯᠳᠤᠨ ᠠᠪᠴᠦ᠂ ᠲᠡᠵᠢᠭᠡᠪᠦᠷᠢ ᠶᠢᠨ ᠤᠢᠢᠯᠡᠰ ᠤᠨ ᠪᠥᠲᠥᠴᠡ ᠳᠡᠭᠡᠨ ᠳᠤᠬᠢᠷᠠᠭᠤᠯᠤᠯᠲᠠ ᠬᠢᠭᠰᠡᠨ ᠪᠠᠶᠢᠨ᠎ᠠ᠃      ︽ᠨᠢᠳᠦᠨᠦᠨ ᠤ ᠦᠨ᠎ᠡ ᠬᠠᠨᠭ᠍ᠰᠢ ᠪᠠᠷ ᠪᠤᠯ ᠲᠤᠭᠤᠯ ᠤᠨ ᠦᠨ᠎ᠠ 1 ᠲᠥᠮᠡᠨ ᠳᠦᠬᠦᠷᠢᠭ ᠢ ᠳᠠᠪᠠᠵᠦ᠂ ᠥᠬᠡᠷ ᠤᠨ ᠦᠨ᠎ᠠ 2 ᠲᠦᠮᠡᠨ ᠲᠦᠬᠦᠷᠢᠭ ᠢ ᠳᠠᠪᠠᠭᠰᠠᠨ ᠪᠠᠶᠢᠨ᠎ᠡ᠃ ᠥᠨᠡᠨ ᠳᠡᠭᠡᠨ ᠥᠬᠡᠷ ᠤᠨ ᠮᠢᠬ᠎ᠠ ᠪᠤᠷᠤᠯᠠᠭᠤᠯᠬᠤ ᠨᠢ ᠥᠬᠡᠷ ᠬᠤᠳᠠᠯᠳᠤᠬᠤ ᠠᠴᠠ ᠨᠡᠩ ᠠᠰᠢᠭ ᠤᠷᠤᠯᠭ᠎ᠠ ᠲᠠᠢ ᠪᠠᠶᠢᠳᠠᠭ᠃ ᠡᠶᠢᠨ ᠬᠦ ᠡᠨᠡ ᠵᠢᠯ ᠠᠴᠠ ᠡᠬᠢᠯᠡᠭᠡᠳ ᠮᠠᠨ ᠤ ᠬᠢᠨ ᠠᠯᠲᠠᠨᠰᠢᠷᠡᠭᠡᠲᠦ ᠪᠠᠯᠭᠠᠰᠦᠨ ᠳᠤ ᠨᠢᠭᠡ ᠪᠠᠶᠢᠰᠢᠩ ᠬᠤᠳᠠᠯᠳᠤᠵᠤ ᠠᠪᠦᠭᠠᠳ ᠥᠬᠡᠷ ᠤᠨ ᠮᠢᠬᠠᠨ ᠳᠡᠯᠭᠡᠬᠦᠷ ᠨᠡᠭᠡᠭᠡᠭᠰᠡᠨ ᠶᠤᠮ︾ ᠭᠡᠵᠤ ᠯᠢ ᠾᠧᠦ ᠴᠢᠩ ᠤᠷᠮᠠᠲᠠᠢ ᠶᠠᠷᠢᠵᠤ ᠪᠠᠶᠢᠯ᠎ᠠ᠃      ᠯᠢ ᠾᠧᠦ ᠴᠢᠩ ᠤᠨ ᠥᠬᠡᠷ ᠤᠨ ᠬᠠᠰᠢᠶᠠᠨ ᠳᠤ 100 ᠭᠠᠷᠤᠢ ᠥᠭᠡᠷ ᠳᠠᠪᠠᠲᠠᠢ ᠬᠡᠪᠢᠨ᠎ᠡ᠃ ᠨᠠᠰᠦ ᠠᠬᠢᠭᠰᠠᠨ ᠲᠡᠷᠡ ᠳᠡᠯᠭᠡᠬᠦᠷ ᠤᠨ ᠠᠵᠢᠯ ᠢᠶᠠᠨ ᠬᠦᠦ ᠳᠡᠭᠡᠨ ᠳᠤᠰᠢᠶᠠᠨ ᠥᠭᠴᠦ᠂ ᠪᠦᠬᠦ ᠬᠦᠴᠦᠨ ᠰᠡᠳᠬᠢᠯ ᠢᠶᠠᠨ ᠥᠬᠡᠷ ᠲᠡᠵᠢᠭᠡᠬᠦ ᠳᠡᠭᠡᠷ᠎ᠡ ᠳᠠᠯᠪᠢᠪᠠ᠃ ᠡᠨᠡ ᠬᠤᠶᠠᠷ ᠵᠢᠯ ᠨᠤᠲᠤᠭ ᠲᠠᠭᠠᠨ ᠪᠤᠴᠠᠭᠰᠠᠨ ᠵᠠᠯᠠᠭᠤᠴᠤᠳ ᠤᠯᠠᠰᠢᠷᠠᠬᠤ ᠶᠢ ᠳᠠᠭᠠᠯᠳᠤᠨ ᠲᠡᠳᠡᠨ ᠤ ᠭᠡᠷ ᠲᠤ ᠢᠷᠡᠵᠤ ᠥᠬᠡᠷ ᠲᠡᠵᠢᠭᠡᠬᠦ ᠲᠤᠬᠠᠢ ᠠᠰᠠᠭᠤᠨ ᠯᠠᠪᠯᠠᠬᠤ ᠬᠦᠮᠦᠨ ᠴᠤ ᠨᠡᠮᠡᠭᠳᠡᠵᠠᠢ᠃ ᠠᠰᠠᠭᠤᠯᠲᠠ ᠲᠠᠢ ᠢᠷᠡᠭᠰᠡᠨ ᠵᠠᠯᠠᠭᠤᠴᠤᠳ ᠲᠤ ᠯᠢ ᠾᠧᠦ ᠴᠢᠩ ᠦᠬᠡᠷ ᠮᠠᠯᠵᠢᠬᠤ ᠳᠤᠬᠠᠢ ᠮᠡᠳᠡᠳᠡᠭ ᠴᠢᠳᠠᠳᠠᠭ ᠪᠦᠬᠦᠨ ᠢᠶᠠᠨ ᠬᠠᠷᠠᠮ ᠦᠭᠡᠢ ᠤᠯᠠᠮᠵᠢᠯᠠᠵᠤ ᠥᠭᠳᠡᠭ ᠪᠠᠶᠢᠨ᠎ᠠ᠃ ᠲᠡᠷᠡ ᠤᠳᠤ ᠦᠭᠡᠷ ᠳᠡᠵᠢᠭᠡᠬᠦ ᠲᠤᠷᠰᠢᠯᠭ᠎ᠠ ᠪᠠᠨ ᠦᠷᠦᠬᠡᠯ ᠪᠤᠰᠤᠳ ᠲᠠᠢ ᠬᠤᠪᠢᠶᠠᠯᠴᠠᠵᠤ ᠨᠤᠳᠤᠭ ᠤᠨ ᠳᠦᠮᠡᠡ ᠢᠶᠠᠨ ᠳᠠᠶᠢᠴᠢᠯᠠᠠ ᠪᠠᠶᠠᠵᠢᠯ ᠤᠨ ᠵᠠᠮ ᠢᠶᠠᠷ ᠢᠳᠡᠷᠡᠬᠦᠨ ᠠᠯᠬᠤᠵᠤ᠂ ᠳᠡᠭᠡᠭ ᠤᠨ ᠰᠢᠯᠢ ᠶᠢᠨ ᠲᠡᠷᠢᠬᠦᠨ ᠦᠭᠡᠷᠴᠢᠨ ᠪᠤᠯᠵᠤ ᠶᠠᠪᠤᠨ᠎ᠠ᠃    
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号