ᠰᠤᠷᠪᠤᠯᠵᠢᠯᠠᠭᠴᠢ᠄ ᠰᠢᠨᠵᠢᠯᠡᠬᠦ ᠤᠬᠠᠭᠠᠨ ᠰᠢᠨᠵᠢᠯᠡᠭᠡ ᠮᠡᠷᠬᠡᠵᠢᠯ ᠢ ᠴᠢᠬᠤᠯᠠᠴᠢᠯᠠᠨ ᠬᠦᠨᠳᠦᠳᠬᠡᠵᠦ᠂ ᠦᠪᠡᠷ ᠢᠶᠠᠨ ᠠᠷᠪᠢᠨ ᠲᠤᠰᠬᠠᠢ ᠡᠮᠴᠢᠯᠡᠬᠡᠨ ᠤ ᠲᠠᠯ᠎ᠠ | ᠶᠢᠨ ᠲᠤᠰᠬᠠᠢ ᠡᠷᠬᠡ ᠠᠰᠢᠭ ᠢ ᠤᠯᠤᠭᠰᠠᠨ ᠬᠦᠮᠦᠨ ᠪᠤᠯᠤᠭᠰᠠᠨ ᠤ ᠬᠤᠪᠢ ᠳᠤ᠂ ᠲᠠᠨ ᠤ ᠦᠵᠡᠬᠦ ᠪᠠᠷ ᠰᠢᠨᠵᠢᠯᠡᠬᠦ ᠤᠬᠠᠭᠠᠨ ᠰᠢᠨᠵᠢᠯᠡᠭᠡ ᠮᠡᠷᠬᠡᠵᠢᠯ ᠢ | ᠴᠢᠬᠤᠯᠠᠴᠢᠯᠠᠵᠤ ᠰᠢᠨ᠎ᠡ ᠶᠢ ᠡᠬᠦᠳᠬᠦ ᠨᠢ ᠦᠨᠦᠳᠦᠷ ᠤᠨ ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠡ ᠳᠤ ᠶᠠᠮᠠᠷ ᠦᠢᠯᠡᠳᠦᠯ ᠢ ᠦᠵᠡᠬᠦᠯᠳᠡᠭ ᠶᠤᠮ ᠪᠤᠯ︖ | ᠬᠤᠪᠢᠰᠬᠠᠯᠳᠤ᠄ ᠰᠠᠶᠢᠨ ᠪᠠᠶᠢᠨ᠎ᠠ ᠤᠤ᠂ ᠴᠢᠨᠠᠷ ᠰᠠᠶᠢᠳᠠᠢ ᠠᠵᠤ ᠠᠬᠤᠢ ᠶᠢ ᠪᠦᠳᠦᠬᠡᠨ ᠪᠠᠶᠢᠭᠤᠯᠬᠤ ᠳᠤ ᠬᠠᠮᠤᠭ ᠤᠨ ᠲᠡᠷᠢᠬᠦᠨ ᠳᠤ ᠰᠢᠨᠵᠢᠯᠡᠬᠦ ᠤᠬᠠᠭᠠᠨᠴᠢ | ᠡᠬᠦᠳᠦᠨ ᠪᠦᠳᠦᠬᠡᠯ ᠪᠤᠯ ᠨᠢᠬᠡᠳᠦᠬᠡᠷ ᠠᠯᠬᠤᠮ ᠤᠨ ᠴᠢᠬᠤᠯᠠᠴᠢᠯᠠᠭ᠎ᠠ ᠲᠠᠢ ᠬᠡᠵᠦ ᠦᠵᠡᠵᠦ ᠪᠤᠯᠤᠨ᠎ᠠ᠃ ᠰᠢᠨᠵᠢᠯᠡᠬᠦ ᠤᠬᠠᠭᠠᠨ ᠬᠦᠭᠵᠢᠪᠡᠯ ᠰᠠᠶ᠋ᠢ ᠬᠦᠳᠡᠯᠮᠤᠷᠢ | ᠬᠦᠴᠦ ᠶᠢ ᠴᠢᠯᠦᠬᠡᠯᠡᠵᠦ᠂ ᠴᠠᠭ ᠲᠤ ᠭᠠᠮᠳᠠᠢ ᠪᠤᠯᠵᠤ᠂ ᠮᠠᠨ ᠤ ᠪᠦᠳᠦᠴᠡ ᠤᠯᠠᠮ ᠠᠷᠪᠢᠵᠢᠵᠦ᠂ ᠤᠯᠠᠮ ᠶᠡᠭᠡ ᠦᠷ᠎ᠡ ᠠᠰᠢᠭ ᠢ ᠤᠯᠬᠤ ᠪᠤᠯᠤᠯᠴᠠᠭ᠎ᠠ ᠲᠠᠢ᠂ | ᠲᠡᠬᠡᠪᠡᠯ᠂ ᠰᠢᠨᠵᠢᠯᠡᠬᠦ ᠤᠬᠠᠭᠠᠨ ᠢ ᠬᠦᠭᠵᠢᠬᠦᠯᠬᠦ ᠳᠤ ᠬᠠᠮᠤᠭ ᠤᠨ ᠠᠩᠬᠠᠨ ᠱᠠᠭᠠᠷᠳᠠᠭᠳᠠᠬᠤ ᠨᠢ ᠮᠠᠨ ᠤ ᠨᠡᠶᠢᠬᠡᠮ ᠤᠨ ᠬᠦᠮᠦᠰ ᠤᠨ ᠰᠤᠶᠤᠯ ᠤᠨ ᠨᠡᠶᠢᠳᠡᠮᠵᠢᠯ | ᠬᠦᠭᠵᠢᠵᠦ᠂ ᠰᠤᠶᠤᠯ ᠤᠬᠠᠭᠠᠨ ᠬᠦᠭᠵᠢᠵᠦ᠂ ᠲᠠᠬᠢᠪᠠᠯ᠂ ᠪᠤᠯᠪᠠᠰᠤᠨ ᠬᠦᠭᠵᠢᠪᠡᠯ ᠰᠢᠨᠵᠢᠯᠡᠬᠦ ᠤᠬᠠᠭᠠᠨ ᠤᠯᠠᠮ ᠢᠯᠡᠬᠦᠦ ᠬᠦᠭᠵᠢᠨ᠎ᠡ᠃ ᠰᠢᠨᠵᠢᠯᠡᠬᠦ ᠤᠬᠠᠭᠠᠨᠴᠢ | ᠠᠵᠤ ᠠᠬᠤᠢ ᠬᠦᠭᠵᠢᠪᠡᠯ ᠮᠠᠨ ᠤ ᠤᠷᠴᠢᠨ ᠲᠤᠭᠤᠷᠢᠨ ᠤ ᠡᠪᠳᠡᠭᠳᠡᠯ ᠪᠠᠭᠠᠰᠴᠤ᠂ ᠬᠤᠵᠢᠮ ᠤ ᠬᠦᠮᠦᠰ ᠲᠤ ᠴᠡᠪᠡᠷ ᠰᠠᠶᠢᠬᠠᠨ ᠤᠷᠴᠢᠨ ᠲᠤᠭᠤᠷᠢᠨ ᠢ ᠦᠯᠡᠳᠡᠬᠡᠨ | ᠦᠭᠴᠦ ᠲᠡᠶᠢᠯᠡᠬᠦ ᠪᠦᠬᠡᠳ ᠨᠡᠩ ᠴᠤ ᠲᠠᠯᠡᠬᠡᠢ ᠶᠢᠨ ᠲᠠᠪᠰᠢᠭᠰᠠᠨ ᠤᠯᠤᠰ ᠤᠷᠤᠨ ᠲᠠᠢ ᠭᠠᠳᠤᠷᠢᠭᠠ ᠨᠡᠶᠢᠯᠡᠬᠦ ᠠᠶᠢᠵᠠᠮ ᠲᠠᠢ ᠪᠤᠯᠤᠨ᠎ᠠ ᠬᠡᠵᠦ ᠦᠵᠡᠵᠦ ᠪᠠᠶᠢᠨ᠎ᠠ᠃ | ᠵᠢᠱᠢᠶᠠᠯᠠᠪᠡᠯ᠂ ᠪᠢᠳᠠᠨ ᠤ ᠤᠳᠤ ᠶᠢᠨ ᠲᠦᠬᠦᠬᠡᠢ ᠡᠳ᠋ ᠢ ᠰᠢᠭᠤᠳ ᠪᠤᠷᠤᠯᠠᠭᠤᠯᠬᠤ ᠪᠢᠰᠢ ᠬᠠᠷᠢᠨ ᠴᠢᠨᠠᠷ ᠰᠠᠶᠢᠳᠠᠢ ᠪᠦᠳᠦᠬᠡᠭᠳᠡᠬᠦᠨ ᠪᠤᠯᠭᠠᠪᠠᠯ ᠦᠷ᠎ᠡ ᠠᠰᠢᠭ ᠨᠢ | ᠲᠦᠬᠦᠬᠡᠢ ᠡᠳ᠋ ᠢ ᠪᠤᠷᠤᠯᠠᠭᠤᠯᠬᠤ ᠠᠴᠠ ᠬᠡᠴᠢᠨᠡᠨ ᠲᠠᠬᠢᠨ ᠢᠯᠡᠬᠦᠦ ᠪᠤᠯᠬᠤ ᠶᠢ ᠪᠦᠷ ᠮᠡᠳᠡᠵᠦ ᠪᠠᠶᠢᠭ᠎ᠠ ᠶᠤᠮ᠂ ᠶᠠᠫᠤᠨ ᠤᠯᠤᠰ ᠤᠨ ᠲᠡᠷᠬᠡ ᠲᠡᠯᠡᠬᠡᠢ ᠳᠤ ᠨᠡᠶᠢᠳᠡᠮ | ᠪᠤᠷᠤᠯᠠᠭᠤᠯᠤᠭᠳᠠᠬᠤ ᠰᠢᠭ᠋᠃ ᠲᠠᠬᠢᠪᠠᠯ᠂ ᠲᠤᠤᠷ ᠰᠦᠯᠵᠢᠶ᠎ᠡ ᠺᠤᠮᠫᠢᠦ᠋ᠲ᠋ᠧᠷ ᠮᠡᠳᠦ ᠶᠢᠨ ᠦᠨᠳᠦᠷ ᠵᠡᠷᠬᠡ ᠶᠢᠨ ᠰᠢᠨᠵᠢᠯᠡᠬᠦ ᠤᠬᠠᠭᠠᠨᠴᠢ ᠦᠷ᠎ᠡ ᠪᠦᠳᠦᠬᠡᠯ ᠨᠡᠩ | ᠠᠷᠪᠢᠨ ᠪᠤᠯᠪᠠᠯ᠂ ᠡᠨᠡ ᠮᠡᠳᠦ ᠶᠢᠨ ᠦᠷ᠎ᠡ ᠠᠰᠢᠭ ᠤᠨ ᠲᠦᠯᠦᠬᠡ ᠪᠢᠳᠠ ᠪᠠᠰᠠ ᠴᠢᠷᠮᠠᠶᠢᠵᠤ ᠪᠤᠯᠤᠨ᠎ᠠ᠂ ᠲᠡᠬᠡᠪᠡᠯ ᠲᠠᠶᠠᠭᠠᠷ ᠢᠶᠠᠨ ᠴᠢᠷᠮᠠᠶᠢᠪᠠᠯ ᠠᠯᠢᠪᠠ ᠪᠦᠬᠦᠨ | ᠪᠦᠷ ᠤᠷᠤᠭᠰᠢᠳᠠᠢ ᠪᠦᠳᠦᠵᠦ ᠲᠡᠶᠢᠯᠬᠦ ᠶᠤᠮ᠃ | | | | | | | | | | | | | | |