ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ ᠮᠠᠰᠢᠮᠡᠳᠡᠭᠴᠢ ᠶᠢᠨ ᠲᠤᠬᠠᠢ ᠲᠦᠭᠦᠮ ᠰᠤᠷᠪᠤᠯᠵᠢᠯᠠᠭ᠎ᠠ | | | | ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠤᠨ ᠮᠠᠰᠢᠮᠡᠳᠡᠭᠴᠢ ᠶᠢᠨ ︽ᠠᠷᠠᠳ ᠤᠨ ᠲᠠᠭᠤᠤ ᠪᠠᠨ ᠲᠠᠭᠤᠯᠠᠭᠠᠷᠡᠢ︾ CD ᠴᠤᠮᠤᠭ ᠰᠤᠨᠤᠰᠤᠬᠴᠢ | ᠤᠯᠠᠨ ᠤ ᠠᠯᠳᠠᠨ ᠰᠤᠨᠤᠷ ᠲᠤ ᠷᠠᠳᠢᠣ᠋ ᠲᠧᠯᠸᠢᠰ᠂ ᠵᠢᠷᠬᠢᠶ᠎ᠠ ᠲᠠᠪᠴᠠᠩ ᠤᠳ ᠢᠶᠠᠷ ᠰᠠᠴᠤᠵᠦ ᠬᠦᠷᠦᠭᠰᠡᠨ ᠪᠠᠶᠢᠬ᠎ᠠ᠃ | ᠲᠤᠰ ᠲᠠᠭᠤᠤ ᠶᠢᠨ ᠴᠤᠮ᠊ᠤᠭ ᠢᠶᠠᠨ ᠪᠦᠳᠦᠬᠡᠬᠦ ᠬᠡᠮᠡᠨ ᠲᠠᠭᠤᠴᠢᠨ ᠮᠠᠨᠢ ᠭᠤᠷᠪᠠ ᠲᠦᠷᠪᠡᠨ ᠵᠢᠯ ᠤᠨ ᠴᠠᠭ ᠵᠠᠷᠤᠴᠠᠭᠤᠯᠤᠨ ᠲᠦᠰᠦᠪᠯᠡᠵᠦ ᠲᠠᠭᠤᠤ ᠶᠢᠨ | ᠰᠤᠩᠭᠤᠯᠳᠠ ᠬᠢᠵᠦ᠂ ᠪᠡᠬᠡᠵᠢᠩ ᠬᠦᠬᠡᠬᠤᠳᠠ ᠵᠡᠷᠬᠡ ᠭᠠᠵᠠᠷ ᠢᠶᠠᠷ ᠬᠦᠷᠴᠤ ᠠᠶ᠎ᠠ ᠲᠠᠭᠤᠤ ᠪᠠᠨ ᠰᠢᠩᠬᠡᠬᠡᠵᠦ ᠶᠡᠬᠡᠬᠡᠨ ᠬᠦᠳᠡᠯᠮᠤᠷᠢᠯᠡᠭᠰᠡᠨ ᠰᠠᠨᠵᠡᠢ᠃ | | | | ᠡᠪᠦᠭᠡ ᠲᠡᠭᠡᠳᠦᠰ ᠤᠨ ᠰᠠᠶᠢᠬᠠᠨ ᠰᠤᠶᠤᠯ ᠢᠶᠠᠨ ᠦᠪᠯᠡᠨ ᠤᠯᠠᠮᠵᠢᠯᠠᠵᠦ ᠠᠷᠠᠳ ᠤᠨ ᠲᠠᠭᠤᠤ ᠪᠠᠨ ᠤᠯᠠᠮᠵᠢᠯᠠᠵᠦ ᠶᠠᠪᠤᠭ᠎ᠠ ᠤᠷᠠᠯᠢᠬᠴᠢᠨ ᠵᠠᠯᠠᠭᠤ ᠮᠠᠰᠢᠮᠡᠳᠡᠭᠴᠢ | ᠮᠠᠨᠢ ᠠᠷᠠᠳ ᠤᠨ ᠲᠠᠭᠤᠤ ᠤᠷᠤᠭᠤ ᠢᠯᠡᠬᠦᠦ ᠠᠵᠢᠯᠯᠠᠨ᠂ ᠶᠡᠭᠡ ᠬᠦᠳᠡᠯᠮᠤᠷᠢ ᠬᠦᠴᠦ ᠭᠠᠷᠭᠠᠵᠦ᠂ ︽ᠵᠤᠤ ᠶᠢᠨ ᠰᠢᠯᠢ︾᠂ ︽ᠴᠢᠨ ᠸᠠᠩ ᠤᠨ ᠶᠠᠮᠤᠨ︾ ᠵᠡᠷᠬᠡ | ᠠᠷᠠᠳ ᠤᠨ ᠲᠠᠭᠤᠤ ᠪᠠᠨ ᠲᠠᠭᠤᠯᠠᠵᠦ ᠴᠤᠮᠤᠭ ᠲᠠᠭᠠᠨ ᠬᠠᠮᠤᠷᠤᠭᠤᠯᠵᠡᠢ᠃ ᠲᠡᠷᠡ ᠪᠠᠷ ︽ᠠᠷᠠᠳ ᠤᠨ ᠲᠠᠭᠤᠤ ᠪᠠᠨ ᠲᠠᠭᠤᠯᠠᠭᠠᠷᠡᠢ︾ ᠴᠤᠮᠤᠭ ᠲᠤᠨᠢ ᠵᠤᠬᠢᠶᠠᠯ ᠤᠨ | ᠲᠠᠭᠤᠤ᠂ ᠪᠤᠭᠤᠨᠢ ᠲᠠᠭᠤᠤ᠂ ᠤᠷᠳᠤ ᠶᠢᠨ ᠲᠠᠭᠤᠤ ᠶᠢ ᠪᠠᠭᠳᠠᠭᠠᠬᠰᠠᠨ 10 ᠲᠠᠭᠤᠤ ᠬᠠᠮᠤᠷᠤᠬᠳᠡᠬᠰᠠᠨ ᠪᠠᠶᠢᠳᠠᠭ᠃ | ᠮᠡᠰᠢᠮᠡᠳᠡᠭᠴᠢ᠄ ︽︿ᠵᠤᠤ ᠶᠢᠨ ᠰᠢᠯᠢ﹀ ᠬᠡᠬᠦ ᠤᠷᠳᠤᠰ ᠠᠷᠠᠳ ᠤᠨ ᠪᠤᠭᠤᠨᠢ ᠲᠠᠭᠤᠤ ᠶᠢ ᠰᠤᠩᠭᠤᠬᠰᠠᠨ ᠤ ᠲᠠᠷᠠᠭ᠎ᠠ ᠬᠠᠪᠰᠤᠷᠤᠯ ᠬᠦᠭᠵᠢᠮ ᠢᠶᠠᠨ ᠬᠡᠷᠬᠢᠨ ᠬᠢᠬᠦ | ᠲᠤᠬᠠᠢ ᠤᠯᠠᠨ ᠲᠠᠯ᠎ᠠ ᠪᠠᠷ ᠰᠡᠳᠬᠢᠵᠦ ᠶᠠᠷᠢᠯᠴᠠᠵᠦ ᠶᠠᠪᠤᠯ᠎ᠠ᠃ ᠲᠡᠷᠡ ᠪᠠᠷ ᠮᠦᠡᠭᠬᠡᠳᠡᠯᠡᠢ ᠠᠬ᠎ᠠ ᠠᠴᠠ ᠤᠳᠤᠬᠢᠴᠢᠯᠠᠬᠰᠠᠨ ᠮᠠᠶ᠋ᠢᠭ ᠢᠶᠠᠷ ᠲᠠᠭᠤᠯᠠᠬᠤ ᠵᠦᠪᠯᠡᠮᠵᠢ | ᠦᠭᠭᠦᠭᠦᠯᠡᠷ᠂ ᠵᠠᠯᠠᠭᠤᠴᠤᠳ ᠲᠠᠭᠠᠨ ᠲᠠᠭᠠᠯᠠᠬᠳᠠᠬᠤ ᠶᠢ ᠬᠢᠴᠢᠶᠡᠭᠡᠳ᠂ ᠮᠤᠳᠤᠨ ᠴᠤᠭᠤᠷ᠂ ᠠᠮᠠᠨ ᠬᠤᠭᠤᠷ ᠵᠡᠷᠬᠡ ᠮᠤᠩᠭᠤᠯ ᠤᠨ ᠰᠠᠶᠢᠬᠠᠨ ᠬᠦᠭᠵᠢᠮ ᠢ ᠠᠬᠤᠢ | ᠲᠠᠯᠠᠪᠡᠢ ᠳᠤ ᠰᠢᠩᠬᠡᠬᠡᠵᠦ ᠪᠦᠳᠦᠬᠡᠭᠰᠡᠨ ᠪᠢᠯᠡ︾ ᠬᠡᠵᠤ ᠶᠠᠷᠢᠨ᠎ᠠ᠃ ᠠᠷᠠᠳ ᠤᠨ ᠲᠠᠭᠤᠤ ᠳᠠᠭᠠᠨ ᠪᠠᠭ᠋ᠠᠳᠡᠢ ᠪᠠᠶᠢᠳᠠᠭ ᠢᠶᠠᠨ ᠲᠡᠷᠡ᠄ ︽ᠠᠷᠠᠳ ᠤᠨ ᠨᠠᠶᠢᠷᠴᠢᠨ | ᠪᠠᠶᠢᠬᠰᠠᠨ ᠠᠪᠤ ᠮᠢᠨᠢ ᠨᠤᠳᠤᠭ ᠤᠰᠤᠨ ᠳᠠᠭᠠᠨ ᠬᠦᠷᠢᠶᠡᠯᠡᠯ ᠲᠠᠢ ᠲᠠᠭᠤᠴᠢᠨ ᠪᠠᠶᠢᠬᠰᠠᠨ᠃ ᠲᠡᠷᠡ ᠪᠠᠷ ᠪᠢ ᠠᠷᠠᠳ ᠤᠨ ᠲᠠᠭᠤᠤ ᠶᠢᠨ ᠰᠢᠮ᠎ᠠ ᠶᠢ ᠬᠠᠷᠠᠬᠠᠨ | ᠪᠠᠭ᠎ᠠ ᠠᠴᠠ ᠪᠠᠨ ᠬᠦᠷᠳᠡᠭᠰᠡᠨ᠃ ᠲᠡᠷᠡ ᠦᠶ᠎ᠠ ᠳᠤ ᠬᠤᠷᠢᠮ ᠨᠠᠶᠢᠷ ᠬᠡᠳᠦᠨ ᠡᠳᠦᠷ ᠢᠶᠠᠷ ᠦᠷᠬᠦᠯᠵᠢᠯᠡᠵᠦ ᠨᠠᠶᠢᠷ ᠪᠠᠷᠢᠵᠦ ᠪᠠᠶᠢᠬᠰᠠᠨ ᠨᠢ ᠤᠳᠤ ᠴᠤ ᠮᠢᠨᠤ | ᠲᠠᠷᠢᠬᠢᠨ ᠳᠤ ᠲᠤᠳᠤᠬᠠᠨ᠂ ᠨᠢᠳᠤᠨ ᠳᠤ ᠢᠯᠡᠬᠡᠨ ᠪᠠᠶᠢᠨ᠎ᠠ ᠰᠢᠤ︾ ᠬᠡᠵᠦ ᠤᠴᠢᠷᠯᠠᠯ᠎ᠠ᠃ | ᠲᠤᠰ ᠴᠤᠮᠤᠭ ᠤᠨ ᠬᠢᠨᠢ ᠭᠤᠤᠯ ᠲᠠᠭᠤᠤ ᠪᠤᠯᠬᠤ ︽ᠠᠷᠠᠳ ᠤᠨ ᠲᠠᠭᠤᠤ ᠪᠠᠨ ᠲᠠᠭᠤᠯᠠᠭᠠᠷᠡᠢ︾ ᠬᠡᠬᠦ ᠲᠠᠭᠤᠤ ᠶᠢᠨ ᠦᠬᠡ ᠶᠢ ᠰᠠᠶᠢᠨᠴᠠᠩᠬᠡᠯ ᠪᠢᠴᠢᠵᠦ᠂ | ᠠᠶ᠎ᠠ ᠶᠢ ᠪᠠᠶᠠᠨᠴᠠᠩᠬᠡᠯ ᠵᠤᠬᠢᠶᠠᠬᠰᠠᠨ ᠪᠠᠶᠢᠨ᠎ᠠ᠃ | ᠮᠠᠰᠢᠮᠡᠳᠡᠭᠴᠢ ᠶᠢᠨ ᠲᠠᠨᠢᠯᠴᠠᠭᠤᠯᠭ᠎ᠠ᠄ | ᠦᠤᠰᠢᠨ ᠬᠤᠰᠢᠭᠤᠨ ᠤ ᠤᠤᠯ ᠤᠨ ᠲᠤᠯᠢ ᠰᠤᠮᠤᠨ ᠤ ᠬᠦᠬᠡᠮᠠᠩᠬ ᠠ ᠭᠠᠴᠠᠭᠠᠨ ᠳᠤ ᠨᠤᠳᠤᠭᠳᠡᠢ ᠠᠷᠠᠳ ᠤᠨ ᠨᠠᠶᠢᠷᠴᠢᠨ ᠪᠠᠳᠠᠷᠠᠬᠤ᠂ ᠤᠳᠤᠨᠳᠤᠶᠠᠭ᠎ᠠ ᠶᠢᠨ | ᠬᠦᠪᠡᠬᠦᠨ ᠨᠢ ᠪᠤᠯᠵᠦ ᠵᠠᠶᠠᠭᠠᠵᠡᠢ᠃ ᠤᠳᠤ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠲᠤ ᠭᠤᠴᠤᠯᠠᠯ ᠲᠠᠭᠤᠴᠢᠨ᠂ ᠮᠤᠷᠢᠨ ᠬᠤᠭᠤᠷᠴᠢᠨ ᠢᠶᠠᠷ ᠠᠵᠢᠯᠯᠠᠵᠦ | ᠪᠤᠢ᠃ | | | | ᠲᠡᠷᠡ ᠦᠡᠭᠬᠡᠷᠡᠭᠰᠡᠨ ᠵᠢᠯ ᠤᠳ ᠲᠤ᠂ ᠤᠷᠳᠤᠰ ᠤᠨ ᠤᠯᠠᠨ ᠤᠯᠤᠰ ᠤᠨ ᠶᠡᠭᠡ ᠨᠠᠭᠠᠳᠤᠮ᠂ ᠠᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠴᠦᠬᠡᠨ | ᠲᠤᠭᠠᠳᠤ ᠦᠨᠳᠦᠰᠦᠳᠡᠨ ᠤ ᠤᠯᠠᠮᠵᠢᠯᠠᠯᠳᠤ ᠪᠡᠶ᠎ᠠ ᠶᠢᠨ ᠲᠠᠮᠢᠷ ᠤᠨ ᠴᠤᠬᠯᠠᠭᠠᠨ᠂ cctv ᠲᠤᠮᠳᠠᠳᠤ ᠶᠢᠨ ᠠᠶᠠᠯᠠᠯ ᠲᠤᠬᠯᠠᠯᠳᠠ᠂ ᠦᠪᠦᠷ ᠮᠤᠩᠭᠤᠯ ᠤᠨ | ᠤᠯᠠᠭᠠᠬᠴᠢᠨ ᠲᠠᠬᠢᠶ᠎ᠠ ᠵᠢᠯ ᠤᠨ ᠴᠠᠭᠠᠨ ᠰᠠᠷ᠎ᠠ ᠶᠢᠨ ᠦᠳᠡᠰᠢᠯᠡᠭᠡ᠂ ᠦᠪᠦᠷ ᠮᠤᠩᠭᠤᠯ ᠤᠳᠤᠨ ᠲᠧᠯᠸᠢᠰ ᠠᠴᠠ ᠰᠡᠳᠦᠨ ᠡᠷᠬᠢᠯᠡᠭᠰᠡᠨ ︽ᠡᠨᠡ ᠪᠤᠯ ᠮᠢᠨᠤ ᠨᠤᠳᠤᠭ︾ | ᠲᠡᠯᠬᠡᠴᠡ ᠳᠤ ᠤᠷᠠᠨ ᠰᠠᠶᠢᠬᠠᠨ ᠤ ᠲᠤᠬᠯᠠᠯᠳᠠ ᠪᠠᠷ ᠢᠶᠠᠨ ᠤᠯᠠᠨ ᠤᠳᠠᠭ᠎ᠠ ᠤᠷᠢᠬᠳᠠᠨ ᠤᠷᠤᠯᠴᠡᠵᠡᠢ᠃ ᠲᠤᠩᠭᠠᠯᠠᠭ ᠴᠡᠬᠡᠯᠬᠡᠨ ᠬᠤᠭᠤᠯᠠᠢ ᠪᠠᠷ ᠢᠶᠠᠨ ᠬᠦᠮᠥᠨ | ᠠᠷᠠᠳ ᠲᠠᠭᠠᠨ ᠲᠠᠨᠢᠬᠳᠠᠬᠰᠠᠨ ᠵᠠᠯᠠᠭᠤ ᠲᠠᠭᠤᠴᠢᠨ ᠮᠡᠰᠢᠮᠡᠳᠡᠭᠴᠢ ᠤᠳᠤ ᠮᠠᠨ ᠤ ᠬᠤᠳᠠ ᠶᠢᠨ ᠰᠤᠳᠤᠨ ᠰᠢᠯᠢᠳᠡᠭ ᠢᠵᠠᠭᠤᠷ ᠤᠷᠠᠯᠢᠭ ᠤᠨ ᠬᠠᠮᠳᠤᠯᠢᠭ ᠤᠨ ᠨᠢᠬᠡ | ᠪᠤᠯᠬᠤ ︽ᠡᠵᠡᠨ︾ ᠬᠠᠮᠳᠤᠯᠢᠭ ᠢᠶᠠᠨ ᠠᠬᠠᠯᠠᠨ ᠤᠷᠠᠯᠢᠭ ᠤᠨ ᠶᠢᠷᠳᠢᠨᠴᠤ ᠳᠤ ᠬᠢᠯᠠᠷᠠᠭᠤᠯᠵᠦ ᠶᠠᠪᠤᠨ᠎ᠠ᠃ | ᠲᠤᠬᠯᠠᠯᠳᠠ ᠶᠢᠨ ᠠᠵᠢᠯᠯᠠᠭ᠎ᠠ᠄ | ◆ 2011 ᠤᠨ ᠳᠤ ᠤᠷᠤᠰ ᠤᠨ ᠬᠤᠯᠪᠤᠭᠠᠨ ᠤ ᠪᠦᠬᠦᠳᠠ ᠨᠠᠶᠢᠷᠠᠮᠳᠠᠬᠤ ᠪᠦᠷᠢᠶᠡᠳ ᠤᠯᠤᠰ ᠤᠨ ᠤᠯᠠᠭᠠᠬᠤᠢᠳᠡ ᠳᠤ ᠶᠠᠪᠤᠬᠳᠠᠬᠰᠠᠨ ᠲᠡᠯᠡᠬᠡᠢ ᠶᠢᠨ | ᠭᠤᠷᠪᠠᠳᠠᠬᠢ ᠤᠳᠠᠭᠠᠨ ᠤ ᠤᠷᠠᠯᠢᠭ ᠤᠨ ᠴᠤᠬᠯᠠᠭᠠᠨ ᠳᠤ ᠬᠤᠪᠢ ᠬᠦᠮᠥᠨ ᠤ ᠲᠠᠭᠤᠯᠬᠠᠤ ᠮᠡᠷᠬᠡᠵᠢᠯ ᠤᠨ ᠲᠡᠷᠢᠬᠦᠨ ᠱᠠᠩ ᠬᠦᠷᠳᠡᠵᠡᠢ᠃ | ◆ ᠲᠡᠯᠡᠬᠡᠢ ᠶᠢᠨ ᠬᠦᠬᠡᠮᠡᠢ ᠶᠢᠨ ᠤᠷᠤᠯᠳᠤᠭᠠᠨ ᠳᠤ ᠡᠵᠡᠨ ᠬᠠᠮᠳᠤᠯᠢᠭ ᠤᠨ ᠲᠤᠬᠯᠠᠯᠳᠠ ᠪᠠᠷ ᠢᠶᠠᠨ ᠬᠤᠶᠠᠳᠤᠭᠠᠷ ᠲᠡᠰ ᠲᠤ ᠲᠤᠳᠤᠷᠠᠪᠠ᠃ | ◆ 2015 ᠤᠨ ᠳᠤ ᠦᠪᠦᠷ ᠮᠤᠩᠭᠤᠯ ᠤᠨ ᠲᠦᠷᠪᠡᠳᠦᠬᠡᠷ ᠬᠤᠭᠤᠴᠠᠭᠠᠨ ᠤ ︽ᠷᠠᠰᠢᠶᠠᠨ︾ ᠬᠤᠨᠳᠠᠭᠠᠳᠤ ᠲᠠᠯ᠎ᠠ ᠨᠤᠳᠤᠭ ᠤᠨ ᠵᠠᠯᠠᠭᠤ ᠲᠠᠭᠤᠴᠢᠳ ᠤᠨ | ᠲᠧᠯᠸᠢᠰ ᠱᠠᠩᠨᠠᠯᠳᠤ ᠤᠷᠤᠯᠳᠤᠭᠠᠨ ᠳᠤ ᠤᠶᠠᠬᠠᠨ ᠡᠬᠡᠰᠢᠭᠳᠦ ᠠᠶᠢᠵᠠᠮ ᠬᠦᠭ ᠲᠠᠢ ᠤᠷᠳᠤ ᠶᠢᠨ ᠲᠠᠭᠤᠤ ︽ᠵᠢᠷᠠᠨ ᠬᠠᠶᠢᠯᠠᠰᠤ︾ ᠪᠠᠷ ᠢᠶᠠᠨ ᠢᠵᠠᠭᠤᠷ | ᠲᠠᠭᠤᠯᠠᠯᠭ᠎ᠠ ᠶᠢᠨ ᠨᠢᠬᠡᠳᠦᠬᠡᠷ ᠲᠡᠰ ᠤᠨ ᠱᠠᠩᠨᠠᠯ ᠬᠦᠷᠳᠡᠪᠡ᠃ | ◆ 2016 ᠤᠨ ᠳᠤ ᠲᠤᠮᠳᠠᠳᠤ ᠶᠢᠨ ᠬᠦᠰᠡᠯ ᠢᠶᠠᠨ ᠪᠡᠶᠡᠯᠡᠬᠦᠯᠵᠦ ︽ᠲᠡᠭᠷᠢᠯᠢᠭ ᠡᠬᠡᠰᠢᠭ ᠢᠶᠠᠨ ᠲᠠᠭᠤᠯᠠᠶ᠎ᠠ︾ ᠬᠡᠬᠦ ᠴᠦᠬᠡᠨ ᠲᠤᠭᠠᠳᠤ ᠦᠨᠳᠦᠰᠦᠳᠡᠨ ᠤ | ᠬᠤᠶᠠᠳᠤᠭᠠᠷ ᠬᠤᠭᠤᠴᠠᠭᠠᠨ ᠤ ᠢᠵᠠᠭᠤᠷ ᠤᠷᠠᠯᠢᠭ ᠤᠨ ᠰᠢᠢᠳᠪᠤᠷᠢᠳᠤ ᠤᠷᠤᠯᠳᠤᠭᠠᠨ ᠳᠤ ᠬᠤᠪᠢ ᠬᠦᠮᠥᠨ ᠤ ᠢᠵᠠᠭᠤᠷ ᠲᠠᠭᠤᠯᠠᠯᠭ᠎ᠠ ᠶᠢᠨ ᠨᠢᠬᠡᠳᠦᠬᠡᠷ ᠲᠡᠰ ᠤᠨ | ᠱᠠᠩᠨᠠᠯ ᠬᠦᠷᠳᠡᠪᠡ᠃ ᠡᠵᠡᠨ ᠬᠠᠮᠳᠤᠯᠢᠭ ᠤᠨ ᠢᠵᠠᠭᠤᠷ ᠲᠠᠭᠤᠯᠠᠯᠭ᠎ᠠ ᠨᠢ ᠨᠢᠬᠡᠳᠦᠬᠡᠷ ᠲᠡᠰ ᠢᠶᠠᠷ ᠲᠤᠳᠤᠷᠠᠬᠰᠠᠨ ᠪᠠᠶᠢᠨ᠎ᠠ᠃ | ◆ 2017 ᠤᠨ ᠳᠤ ᠤᠷᠳᠤᠰ ᠤᠨ ᠴᠢᠳᠠᠪᠤᠷᠢᠳᠠᠨ ᠤ ᠴᠤᠯᠠ ᠶᠢ ᠬᠦᠷᠳᠡᠪᠡ᠃ | | | | | | |