ᠴᠡᠭᠡᠨ | | ᠰᠢᠵᠢᠷ ᠨᠠᠷᠠᠨ ᠤ ᠲᠤᠶᠠᠭ᠎ᠠ ᠰᠢᠨᠡᠬᠡᠨ | ᠰᠢᠨ᠎ᠡ ᠰᠤᠷᠤᠭᠴᠢ ᠶᠢᠨ ᠵᠠᠰᠠᠯ ᠰᠢᠨᠡᠬᠡᠨ᠂ | ᠰᠢᠮᠲᠠᠨ ᠰᠤᠷᠤᠯᠴᠠᠬᠤ ᠨᠤᠮ ᠰᠢᠨᠡᠬᠡᠨ | ᠰᠢᠷᠭᠠᠭᠤ ᠠᠵᠢᠯᠯᠠᠬᠤ ᠪᠠᠭᠰᠢ ᠰᠢᠨᠡᠬᠡᠨ᠃ | ᠠᠯᠬᠤᠨ ᠤᠷᠤᠬᠤ ᠰᠤᠷᠭᠠᠭᠤᠯᠢ ᠰᠢᠨᠡᠬᠡᠨ | ᠠᠪᠤ ᠡᠵᠢ ᠶᠢᠨ ᠵᠠᠭᠢᠶ᠎ᠠ ᠰᠢᠨᠡᠬᠡᠨ᠂ | ᠠᠷᠤᠨ ᠳᠠᠭᠠᠨ ᠡᠭᠦᠷᠭᠦ ᠪᠤᠭᠴᠤ ᠰᠢᠨᠡᠬᠡᠨ | ᠠᠭᠤᠯᠵᠠᠵᠤ ᠤᠴᠠᠷᠠᠬᠤ ᠮᠡᠨᠲᠦᠴᠢᠯᠡᠯ ᠰᠢᠨᠡᠬᠡᠨ᠃ | ᠰᠢᠨ᠎ᠡ ᠶᠢ ᠡᠭᠦᠳᠭᠦ ᠬᠦᠰᠡᠯ ᠲᠠᠢ ᠦᠷᠯᠦᠭᠡ | ᠰᠢᠨ᠎ᠡ ᠶᠢ ᠬᠦᠷᠭᠡᠭᠦ ᠪᠠᠶᠠᠷᠲᠠᠢ ᠦᠷᠯᠦᠭᠡ | ᠰᠢᠨ᠎ᠡ ᠶᠢ ᠤᠷᠢᠬᠤ ᠮᠦᠰᠢᠶᠡᠯ ᠲᠠᠢ ᠦᠷᠯᠦᠭᠡ | ᠰᠢᠨ᠎ᠡ ᠶᠢ ᠰᠤᠨᠢᠷᠬᠠᠬᠤ ᠪᠠᠭ᠋ᠠᠷᠬᠠᠯ ᠲᠠᠢ ᠦᠷᠯᠦᠭᠡ | ᠨᠠᠭᠠᠳᠴᠤ ᠨᠠᠷᠭᠢᠬᠤ ᠨᠠᠭᠠᠳᠤᠮ ᠰᠢᠨᠡᠬᠡᠨ | ᠨᠠᠳᠠ ᠶᠢ ᠤᠭᠲᠤᠭᠰᠠᠨ ᠦᠷᠯᠦᠭᠡ ᠰᠢᠨᠡᠬᠡᠨ᠂ | ᠨᠠᠷᠠᠨ ᠳᠤ ᠬᠢᠯᠠᠯᠵᠠᠬᠤ ᠲᠤᠭ ᠰᠢᠨᠡᠬᠡᠨ | ᠨᠠᠷᠮᠠᠢ ᠤᠯᠤᠰ ᠤᠨ ᠬᠦᠭᠵᠢᠯᠲᠠ ᠰᠢᠨᠡᠬᠡᠨ᠃ | | ᠬᠤᠭᠤᠯᠠ ᠪᠤᠳᠠᠭᠠᠨ ᠤ ᠠᠮᠲᠠ ᠰᠢᠨᠡᠬᠡᠨ | ᠬᠤᠭᠤᠯᠠᠢ ᠨᠡᠶᠢᠯᠡᠭᠦᠯᠬᠦ ᠲᠠᠭᠤᠤ ᠰᠢᠨᠡᠬᠡᠨ᠂ | ᠬᠤᠯᠠ ᠶᠢᠨ ᠠᠶᠠᠨ ᠤ ᠵᠠᠮ ᠰᠢᠨᠡᠬᠡᠨ | ᠬᠤᠳᠠᠯᠠ ᠤᠯᠠᠨ ᠤ ᠰᠡᠳᠭᠡᠯ ᠰᠢᠨᠡᠬᠡᠨ᠃ | ᠰᠢᠨ᠎ᠡ ᠶᠢ ᠡᠭᠦᠳᠭᠦ ᠬᠦᠰᠡᠯ ᠲᠠᠢ ᠦᠷᠯᠦᠭᠡ | ᠰᠢᠨ᠎ᠡ ᠶᠢ ᠬᠦᠷᠭᠡᠭᠦ ᠪᠠᠶᠠᠷᠲᠠᠢ ᠦᠷᠯᠦᠭᠡ | ᠰᠢᠨ᠎ᠡ ᠶᠢ ᠤᠷᠢᠬᠤ ᠮᠦᠰᠢᠶᠡᠯ ᠲᠠᠢ ᠦᠷᠯᠦᠭᠡ | ᠰᠢᠨ᠎ᠡ ᠶᠢ ᠰᠤᠨᠢᠷᠬᠠᠬᠤ ᠪᠠᠭ᠋ᠠᠷᠬᠠᠯ ᠲᠠᠢ ᠦᠷᠯᠦᠭᠡ | ᠭᠠᠷ ᠤᠨ ᠠᠶ᠎ᠠ ᠶᠢ ᠲᠠᠭᠠᠬᠤ ᠪᠢᠷ ᠰᠢᠨᠡᠬᠡᠨ | ᠭᠠᠳᠠᠭᠠᠲᠤ ᠲᠤᠲᠤᠭᠠᠲᠤ ᠶᠢ ᠬᠠᠶᠢᠬᠤ ᠮᠡᠳᠡᠯᠭᠡ ᠰᠢᠨᠡᠬᠡᠨ᠂ | ᠭᠠᠵᠠᠷ ᠲᠡᠯᠡᠬᠡᠢ ᠶᠢᠨ ᠠᠮᠢᠰᠬᠤᠭ᠎ᠠ ᠰᠢᠨᠡᠬᠡᠨ | ᠭᠠᠷᠴᠤ ᠤᠷᠤᠬᠤ ᠬᠠᠭᠠᠯᠭ᠎ᠠ ᠰᠢᠨᠡᠬᠡᠨ᠃ | ᠴᠡᠭᠬᠡᠷᠡᠬᠦ ᠤᠭᠲᠠᠷᠭᠤᠢ ᠶᠢᠨ ᠲᠤᠶᠠᠭ᠎ᠠ ᠰᠢᠨᠡᠬᠡᠨ | ᠴᠡᠭᠬᠡᠯ ᠪᠠᠭ᠋ᠠᠷᠬᠠᠯ ᠤᠨ ᠢᠨᠢᠶᠡᠲᠦ ᠰᠢᠨᠡᠬᠡᠨ᠂ | ᠴᠡᠪᠡᠷ ᠴᠡᠮᠴᠡᠬᠡᠷ ᠲᠢᠩᠭᠢᠮ ᠰᠢᠨᠡᠬᠡᠨ | ᠴᠡᠯᠡᠭᠡᠷ ᠲᠠᠯ᠎ᠠ ᠶᠢᠨ ᠦᠵᠡᠮᠵᠢ ᠰᠢᠨᠡᠬᠡᠨ᠃ | ᠰᠢᠨ᠎ᠡ ᠶᠢ ᠡᠭᠦᠳᠭᠦ ᠬᠦᠰᠡᠯ ᠲᠠᠢ ᠦᠷᠯᠦᠭᠡ | ᠰᠢᠨ᠎ᠡ ᠶᠢ ᠬᠦᠷᠭᠡᠭᠦ ᠪᠠᠶᠠᠷᠲᠠᠢ ᠦᠷᠯᠦᠭᠡ | ᠰᠢᠨ᠎ᠡ ᠶᠢ ᠤᠷᠢᠬᠤ ᠮᠦᠰᠢᠶᠡᠯ ᠲᠠᠢ ᠦᠷᠯᠦᠭᠡ | ᠰᠢᠨ᠎ᠡ ᠶᠢ ᠰᠤᠨᠢᠷᠬᠠᠬᠤ ᠪᠠᠭ᠋ᠠᠷᠬᠠᠯ ᠲᠠᠢ ᠦᠷᠯᠦᠭᠡ᠃ | | | ᠡᠵᠡᠨ ᠬᠤᠷᠤᠭ᠎ᠠ ᠬᠤᠰᠢᠭᠤᠨ ᠤ ᠮᠤᠩᠭᠤᠯ ᠦᠨᠲᠦᠰᠦᠲᠡᠨ ᠤ | ᠪᠠᠭ᠎ᠠ ᠰᠤᠷᠭᠠᠭᠤᠯᠢ ᠶᠢᠨ ᠭᠤᠷᠪᠠᠲᠤᠭᠠᠷ ᠤᠨ ᠤ ᠡ ᠠᠩᠭᠢ ᠶᠢᠨ ᠴᠡᠬᠡᠨ | | | | | | | | | | | | | | | | | | | | | | |