ᠤᠬᠠᠭᠠᠷᠠᠯ
ᠨᠡᠶᠢᠲᠡᠯᠡᠭᠰᠡᠨ ᠴᠠᠭ᠄
2020/11/17
ᠳᠡᠷᠬᠡᠯ      ᠭᠠᠳᠠᠨ᠎ᠠ ᠲᠦᠨᠡᠷ ᠬᠠᠷᠠᠩᠭᠤᠢ᠂ ᠨᠥᠭᠦᠭᠡ ᠳᠠᠰᠤᠯᠭᠠᠨ ᠳᠤ ᠳ᠋ᠧᠩ ᠤᠨ ᠬᠡᠷᠡᠯ ᠪᠠᠰᠠ ᠯᠠ ᠰᠦᠮᠡᠯᠵᠡᠭᠰᠡᠭᠡᠷ᠃ ᠪᠤᠷᠤᠭᠠᠨ ᠬᠡᠳᠦᠶᠢᠪᠡᠷ ᠵᠤᠭᠰᠤᠭᠰᠠᠨ ᠪᠤᠯᠪᠠᠴᠤ ᠨᠤᠶᠢᠷ ᠬᠤᠯᠵᠢᠭᠰᠠᠨ ᠨᠠᠳᠠ ᠳᠤ ᠮᠦᠨ ᠰᠡᠷ ᠰᠡᠷ ᠰᠡᠷᠴᠢᠬᠢᠨᠡᠵᠦ ᠪᠠᠶᠢᠬᠤ ᠮᠡᠳᠦ᠃ ᠡᠵᠢ ᠠᠪᠤ ᠶᠢᠨ ᠶᠠᠷᠢᠯᠴᠠᠭ᠎ᠠ ᠴᠢᠬᠢᠨ ᠳᠤ ᠳᠤᠭᠤᠯᠳᠠᠨ᠎ᠠ᠂ ᠳᠠᠷᠢᠬᠢᠨ ᠳᠤ ᠡᠷᠬᠢᠯᠳᠦᠨ᠎ᠡ᠃      ︽ᠤᠳᠤ ᠶᠠᠭᠠᠬᠢᠬᠤ ᠪᠢᠯᠡ᠂ ᠪᠠᠨᠳᠢ ᠶᠢᠨ ᠪᠠᠭᠰᠢ ᠨᠢ ᠤᠳᠠᠰᠤ ᠢᠷᠡᠬᠡᠳ ︿ᠦᠬᠡ ᠰᠤᠨᠤᠰᠬᠤ ᠦᠬᠡᠢ᠂ ᠳᠠᠰᠬᠠᠯ ᠳᠠᠭᠠᠭᠠᠯᠭᠠᠪᠤᠷᠢ ᠪᠠᠨ ᠪᠡᠶᠡᠯᠡᠬᠦᠯᠬᠦ ᠦᠬᠡᠢ᠂ ᠠᠩᠬᠢ ᠶᠢᠨ ᠬᠡᠦᠬᠡᠳ ᠢ ᠠᠳᠠᠯᠠᠭᠠᠳ᠂ ᠳᠤᠷᠤᠮᠵᠢᠯᠠᠭᠠᠳ ᠪᠠᠶᠢᠨ᠎ᠠ᠂ ᠬᠢᠴᠢᠶᠡᠯ ᠳᠡᠬᠡᠷ᠎ᠡ ᠠᠩᠬᠠᠷᠬᠤ ᠦᠬᠡᠢ᠂ ᠪᠠᠭᠰᠢ ᠲᠠᠢ ᠪᠠᠨ ᠦᠬᠡ ᠵᠦᠷᠢᠬᠦᠯᠦᠬᠡᠳ ᠪᠤᠯᠬᠤ ᠦᠬᠡᠢ ᠪᠠᠶᠢᠨ᠎ᠠ ᠂ ᠰᠤᠷᠬᠤ ᠤᠷᠮ᠎ᠠ ᠪᠠᠰᠠ ᠦᠬᠡᠢ ᠪᠠᠶᠢᠨ᠎ᠠ︕﹀ ᠬᠡᠵᠦ ᠪᠠᠶᠢᠨ᠎ᠠ᠂ ᠤᠳᠤ ᠪᠠᠨᠳᠢ ᠳᠤ ᠦᠨᠡᠨ ᠢᠶᠠᠨ ᠬᠡᠯᠡᠬᠦ ᠤᠤ︖ ᠡᠰᠡᠬᠦᠯ᠎ᠡ ᠰᠢᠬᠦᠮᠵᠢᠯᠡᠵᠦ ᠰᠤᠷᠭᠠᠬᠤ ᠤᠤ︖︾ ᠬᠡᠵᠦ ᠠᠪᠤ ᠠᠴᠠ ᠠᠰᠠᠭᠤᠵᠦ ᠪᠠᠶᠢᠯ᠎ᠠ᠃ ᠠᠪᠤ ᠴᠠᠭᠠᠨ᠎ᠠ ᠠᠴᠠ᠄ ︽ᠪᠦᠰᠡᠬᠦᠢ ᠮᠢᠨᠢ︕ ᠮᠠᠨ ᠤ ᠬᠦᠦ ᠤᠬᠠᠭᠠᠨ ᠲᠠᠢ ᠰᠢᠦ᠂ ᠤᠳᠤ ᠶᠠᠭ ᠯᠠ ᠴᠤᠪᠤᠭᠤ ᠳᠡᠭᠵᠢᠨ᠂ ᠠᠯᠢᠶᠠᠷᠬᠠᠳᠠᠭ ᠴᠠᠭ ᠨᠢ ᠪᠠᠶᠢᠨ᠎ᠠ᠂ ᠦᠷᠯᠦᠬᠡ ᠪᠤᠰᠤᠭᠠᠳ ᠢᠷᠡᠪᠡᠯ ︿ᠪᠠᠭᠰᠢ ᠴᠢᠨᠢ ᠤᠳᠠᠰᠤ ᠢᠷᠡᠯ᠎ᠡ᠂ ᠴᠢᠮ᠎ᠠ ᠶᠢ ᠮᠠᠭᠳᠠᠵᠦ ᠪᠠᠶᠢᠨ᠎ᠠ︕ ᠳᠤᠶᠢᠯ ᠤᠨ ᠴᠢᠷᠮᠠᠶᠢᠯᠭ᠎ᠠ ᠲᠠᠢ ᠪᠠᠶᠢᠨ᠎ᠠ︕﹀ ᠬᠡᠵᠦ ᠬᠡᠯᠡᠬᠡᠳ ᠦᠭᠴᠢᠬᠡ︕︾ ᠬᠡᠮᠡᠨ ᠳᠠᠭᠤ ᠴᠢᠩᠭᠠᠷᠠᠨ᠂ ᠶᠠᠷᠦ ᠶᠢᠨ ᠴᠢᠷᠢᠳᠡᠭ ᠮᠤᠳᠤᠨ ᠱᠠᠬᠠᠢ ᠪᠠᠨ ᠴᠢᠷᠢᠭᠰᠡᠬᠡᠷ ᠳᠠᠭᠤ ᠦᠬᠡᠢ ᠪᠤᠯᠤᠯ᠎ᠠ᠃ ᠮᠢᠨᠦ ᠨᠢᠯᠪᠤᠰᠤ ᠦᠪᠡᠷ ᠤᠨ ᠡᠷᠬᠡ ᠦᠬᠡᠢ ᠪᠦᠮᠪᠦᠷᠢᠭᠰᠡᠭᠡᠷ ᠬᠠᠴᠠᠷ ᠢ ᠮᠢᠨᠢ ᠳᠠᠭᠠᠭᠠᠳ ᠤᠷᠤᠰᠤᠨ ᠪᠠᠭᠤᠯ᠎ᠠ᠃ ᠦᠨᠡᠬᠡᠷ ᠰᠡᠳᠬᠢᠯ ᠳᠤᠭᠳᠤᠯᠤᠯ᠎ᠠ᠃ ︽ᠪᠠᠭᠰᠢ ᠤᠳᠠᠰᠤᠨ ᠳᠡᠬᠡᠷ᠎ᠡ ᠬᠠᠷᠢᠶᠠᠵᠦ᠂ ᠰᠢᠬᠦᠮᠵᠢᠯᠡᠵᠦ ᠪᠠᠶᠢᠬᠤ ᠳᠤ᠂ ᠠᠪᠤ ᠮᠢᠨᠢ ᠶᠠᠭᠠᠬᠢᠭᠠᠳ ᠨᠠᠳᠠ ᠶᠢ ᠮᠠᠭᠳᠠᠵᠦ ᠪᠠᠶᠢᠬᠤ ᠪᠢᠯᠡ︾ ᠬᠡᠰᠡᠨ ᠠᠰᠠᠭᠤᠯᠳᠠ ᠪᠤᠳᠤᠭᠳᠠᠭᠰᠠᠨ ᠪᠤᠯᠪᠠᠴᠤ ᠬᠠᠷᠢᠭᠤᠯᠳᠠ ᠶᠢ ᠪᠤᠳᠤᠭᠰᠠᠨ ᠦᠬᠡᠢ ᠪᠠᠷ ᠤᠶᠤᠨ ᠤᠬᠠᠭᠠᠨ ᠳᠤ ᠮᠢᠨᠢ ᠠᠪᠤ ᠶᠢᠨ ᠰᠠᠨᠠᠭ᠎ᠠ ᠲᠦᠷᠦᠭᠰᠡᠨ ᠪᠢᠯᠡ᠃ ᠪᠢ ᠶᠠᠭᠠᠬᠢᠵᠦ ᠤᠷᠪᠠᠵᠦ ᠬᠦᠷᠪᠡᠭᠰᠡᠨ ᠪᠤᠯᠪᠠᠴᠤ ᠨᠤᠶᠢᠷ ᠢᠷᠡᠭᠰᠡᠨ ᠦᠬᠡᠢ᠂ ᠡᠨᠡ ᠰᠦᠨᠢ ᠨᠠᠳᠠ ᠳᠤ ᠲᠦᠢᠯ ᠤᠨ ᠤᠷᠳᠤ ᠮᠡᠳᠡᠭᠳᠡᠯ᠎ᠡ᠃ ᠤᠯᠠᠨ ᠶᠠᠭᠤᠮ᠎ᠠ ᠪᠤᠳᠤᠭᠰᠠᠭᠠᠷ ᠪᠠᠶᠢᠭᠠᠳ ᠳᠠᠬᠢᠶ᠎ᠠ ᠳᠤᠤᠭᠠᠷᠬᠤ ᠳᠠᠭᠤᠨ ᠰᠤᠨᠤᠰᠳᠠᠯ᠎ᠠ᠃ ᠪᠢ ᠪᠤᠰᠤᠭᠠᠳ ᠨᠢᠭᠤᠷ ᠠᠮᠠ ᠪᠠᠨ ᠤᠬᠢᠶᠠᠭᠠᠳ᠂ ᠪᠤᠭᠴᠤ ᠪᠠᠨ ᠡᠬᠦᠷᠦᠨ ᠶᠠᠪᠤᠶ᠎ᠠ ᠬᠡᠬᠦ ᠳᠤ ᠡᠵᠢ᠄ ︽ᠬᠦᠦ ᠮᠢᠨᠢ︕ ᠰᠠᠶᠢᠨ ᠰᠤᠷᠤᠨ᠎ᠠ ᠰᠢᠦ︕ ᠪᠠᠭᠰᠢ ᠴᠢᠨᠢ ᠴᠢᠮ᠎ᠠ ᠶᠢ ᠮᠠᠭᠳᠠᠵᠦ ᠪᠠᠶᠢᠨ᠎ᠠ᠂ ᠨᠡᠩ ᠴᠢᠷᠮᠠᠶᠢᠬᠤ ᠶᠤᠰᠤᠳᠠᠢ ᠰᠢᠦ︕︾ ᠬᠡᠵᠦ ᠬᠡᠯᠡᠪᠡ᠃ ︽ᠰᠦᠨᠢ ᠵᠤᠭᠰᠤᠭᠰᠠᠨ ᠪᠤᠷᠤᠭ᠎ᠠ᠂ ᠡᠳᠦᠷ ᠢᠶᠠᠷ ᠵᠠᠯᠭᠠᠵᠦ ᠤᠷᠤᠳᠠᠭ︾ ᠬᠡᠬᠦ ᠭᠦᠭᠰᠢᠨ ᠤᠯᠤᠰ ᠤᠳ ᠤᠨ ᠬᠡᠯᠡᠳᠡᠭ ᠦᠬᠡ ᠳᠠᠩᠴᠤ ᠤᠷᠤ ᠲᠠᠢ ᠪᠠᠶᠢᠯ᠎ᠠ᠃ ᠵᠤᠭᠰᠤᠭᠰᠠᠨ ᠪᠤᠷᠤᠭ᠎ᠠ ᠬᠠᠷᠢᠨ ᠡᠷᠬᠢᠵᠦ ᠤᠷᠤᠭᠠᠳ ᠡᠬᠢᠯᠡᠪᠠ᠃ ᠳᠡᠬᠦᠨ ᠢ ᠦᠵᠡᠭᠰᠡᠭᠡᠷ ᠪᠠᠶᠢᠭᠠᠳ ᠪᠢ ᠴᠦ ᠪᠤᠷᠤᠭ᠎ᠠ ᠤᠷᠤᠯ᠎ᠠ᠃ ᠳᠡᠷᠡ ᠡᠳᠦᠷ ᠠᠴᠠ ᠡᠬᠢᠯᠡᠬᠡᠳ ᠪᠢ ᠬᠦᠮᠦᠨ ᠰᠢᠭ ᠬᠦᠮᠦᠨ ᠪᠤᠯᠤᠭᠰᠠᠨ ᠪᠢᠯᠠ᠃ ᠪᠢ ᠠᠯᠢᠶ᠎ᠠ ᠳᠡᠭᠵᠢᠨ ᠪᠠᠶᠢᠭᠰᠠᠨ ᠠᠴᠠ ᠨᠠᠮᠵᠢᠭᠤᠨ ᠳᠤᠭᠳᠠᠭᠤᠨ ᠪᠤᠯᠤᠭᠠᠳ ᠬᠢᠴᠶᠠᠯ ᠳᠡᠬᠡᠷ᠎ᠡ ᠠᠩᠬᠠᠷᠴᠤ᠂ ᠪᠠᠭᠰᠢ ᠶᠢᠨ ᠦᠬᠡ ᠰᠤᠨᠤᠰᠴᠦ᠂ ᠳᠠᠰᠬᠠᠯ ᠳᠠᠭᠠᠭᠠᠯᠭᠠᠪᠤᠷᠢ ᠪᠠᠨ ᠪᠡᠶᠡᠯᠡᠬᠦᠯᠵᠦ᠂ ᠠᠩᠬᠢ ᠶᠢᠨ ᠨᠦᠬᠦᠳ ᠢᠶᠠᠨ ᠠᠳᠠᠯᠠᠬᠤ ᠪᠠᠨ ᠪᠠᠶᠢᠵᠦ᠂ ᠰᠤᠷᠤᠯᠭ᠎ᠠ ᠳᠤ ᠪᠠᠨ ᠮᠠᠷᠠᠶᠢᠵᠦ᠂ ᠠᠪᠤ ᠡᠵᠢ ᠪᠠᠨ ᠵᠢᠩᠬᠢᠨᠢ ᠪᠠᠷ ᠪᠠᠶᠠᠷᠯᠠᠭᠤᠯᠵᠦ᠂ ᠰᠡᠳᠬᠢᠯ ᠰᠠᠨᠠᠭ᠎ᠠ ᠶᠢ ᠨᠢ ᠠᠮᠤᠷ ᠪᠤᠯᠭᠠᠭᠰᠠᠨ ᠪᠢᠯᠡ᠃ ᠮᠢᠨᠦ ᠠᠪᠤ ᠡᠵᠢ ᠪᠤᠯ ᠵᠢᠷ ᠤᠨ ᠮᠠᠯᠴᠢᠨ ᠮᠦᠨ᠂ ᠡᠳᠦᠷ ᠳᠤᠳᠤᠮ ᠮᠠᠯ ᠲᠠᠢ ᠵᠤᠳᠤᠯᠴᠠᠵᠦ ᠪᠠᠶᠢᠬᠤ ᠮᠦᠷᠳᠡᠬᠡᠨ ᠡᠨᠡ ᠮᠠᠭᠤ ᠪᠦᠲᠦᠯ ᠦᠬᠡᠢ ᠬᠦᠦ ᠶᠢᠨ ᠢᠶᠠᠨ ᠲᠦᠯᠦᠬᠡ ᠵᠤᠪᠠᠭ᠋ᠤ ᠨᠢ ᠦᠨᠡᠬᠡᠷ ᠬᠦᠬᠡᠷᠦᠬᠦᠢ︕      ᠡᠨᠡ ᠪᠤᠯ ᠮᠢᠨᠦ ᠤᠬᠠᠭᠠᠷᠠᠯ ᠪᠢᠯᠡ︕ ᠠᠪᠤ ᠡᠵᠢ ᠪᠠᠨ ᠦᠷᠦ ᠡᠪᠡᠳᠴᠦ ᠬᠦᠮᠦᠨ ᠪᠤᠯᠬᠤ ᠠᠶᠠᠨ ᠳᠤ ᠤᠬᠠᠭᠠᠷᠠᠭᠰᠠᠨ ᠠᠭᠤᠤ ᠶᠡᠭᠡ ᠰᠤᠩᠭᠤᠯᠳᠠ ᠪᠢᠯᠡ᠃                               ᠡᠵᠡᠨ ᠬᠤᠷᠤᠭ᠎ᠠ ᠬᠤᠰᠢᠭᠤᠨ ᠤ ᠮᠤᠩᠭᠤᠯ                               ᠦᠨᠳᠦᠰᠦᠳᠡᠨ ᠤ ᠳᠤᠮᠳᠠᠳᠤ ᠰᠤᠷᠭᠠᠭᠤᠯᠢ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号