ᠨᠠᠮᠤᠷ
ᠨᠡᠶᠢᠲᠡᠯᠡᠭᠰᠡᠨ ᠴᠠᠭ᠄
2020/11/17
ᠬᠠᠷᠭᠤᠢ                       ᠲᠠᠯ᠎ᠠ ᠨᠤᠲᠤᠭ ᠠᠯᠲᠠ ᠪᠠᠷ ᠴᠢᠮᠡᠭᠳᠡᠵᠤ ᠲᠤᠭᠤᠷᠤᠤ ᠰᠢᠪᠠᠭᠤᠳ ᠳᠤᠩᠭᠤᠳᠤᠨ ᠨᠠᠭᠠᠳᠴᠤ ᠲᠠᠷᠢᠶ᠎ᠠ ᠬᠤᠷᠢᠶᠠᠨ ᠶᠠᠭᠠᠷᠠᠬᠤ ᠲᠠᠷᠢᠶᠠᠴᠢᠳ ᠲᠠᠷᠭᠤ ᠰᠠᠶᠢᠲᠠᠢ ᠬᠤᠨᠢᠳ ᠤᠨ ᠡᠵᠡᠳ᠂᠂᠂᠂᠂᠂ ᠬᠠᠪᠤᠷ ᠤᠨ ᠲᠠᠷᠢᠵᠤ ᠤᠷᠤᠭᠤᠯᠤᠭᠰᠠᠨ ᠥᠷ᠎ᠡ ᠶᠢ ᠬᠠᠷ᠎ᠠ ᠬᠥᠯᠥᠰᠤ ᠪᠠᠷ ᠢᠶᠠᠨ ᠤᠷᠤᠰᠬᠠᠬᠤ ᠶᠢ ᠤᠳᠤ ᠮᠡᠳᠡᠨ᠎ᠡ ᠬᠠᠯᠠᠰᠢᠷᠠᠵᠤ ᠭᠤᠲᠤᠷᠠᠲᠠᠯ᠎ᠠ ᠪᠠᠨ ᠴᠢᠷᠮᠠᠶᠢᠵᠤ ᠬᠤᠪᠤᠷ ᠴᠤᠬᠠᠭ ᠬᠤᠷᠢᠶᠠᠯᠲᠠ ᠶᠢ ᠤᠳᠤ ᠮᠡᠳᠡᠨ᠎ᠡ ᠵᠢᠯ ᠤᠨ ᠳᠥᠷᠪᠡᠨ ᠤᠯᠠᠷᠢᠯ ᠤᠨ ᠨᠠᠮᠤᠷ ᠤᠨ ᠬᠤᠷᠢᠶᠠᠯᠲᠠ ᠶᠢᠨ ᠴᠠᠭ ᠵᠢᠷᠭᠠᠵᠤ ᠪᠠᠶᠠᠰᠬᠤ ᠶᠢᠨ ᠠᠮᠵᠢᠯᠲᠠ ᠪᠢᠯᠡ ᠵᠢᠷᠠᠨ ᠬᠠᠶᠢᠯᠠᠰᠤ ᠶᠢᠨ ᠰᠢᠷᠭᠠᠯ ᠨᠠᠪᠴᠢ ᠶᠢ ᠥᠵᠡᠨ ᠵᠤᠭᠠᠴᠠᠨ ᠲᠤᠭᠤᠷᠢᠬᠤ ᠴᠠᠭ ᠮᠥᠨ ᠯᠠ ᠬᠥᠷᠥᠭᠡᠳ ᠢᠷᠡᠯ᠎ᠡ︕ ᠨᠠᠮᠤᠷ ᠪᠤᠯᠵᠤ ᠨᠠᠪᠴᠢᠰ ᠰᠢᠷᠠᠭᠠᠯᠵᠠᠨ ᠨᠠᠰᠤ ᠨᠡᠮᠡᠭᠳᠡᠵᠤ ᠴᠠᠭ ᠪᠠᠰᠠ ᠬᠥᠷᠥᠯ᠎ᠡ ᠨᠠᠶᠢᠷ ᠬᠥᠭᠵᠢᠮ ᠤᠨ ᠤᠷᠠᠨ ᠰᠠᠶᠢᠬᠠᠨ ᠲᠠᠯᠠᠪᠠᠢ ᠳᠤ ᠨᠠᠶᠢᠵᠠ ᠬᠠᠨᠢ ᠴᠡᠴᠡᠭᠮ᠎ᠠ ᠲᠠᠢ ᠠᠭᠤᠯᠵᠠᠯ᠎ᠠ ᠠᠯᠢᠪᠠ ᠡᠨᠡ ᠬᠦ ᠶᠡᠭᠡ ᠬᠤᠷᠢᠶᠠᠯᠲᠠ ᠳᠤ ᠠᠮᠢᠳᠤᠷᠠᠯ ᠤᠨ ᠠᠵᠠ ᠵᠢᠷᠭᠠᠯ ᠲᠠᠢ ᠪᠠᠨ ᠤᠴᠠᠷᠠᠯ᠎ᠠ ᠠᠵᠢᠯᠯᠠᠵᠤ ᠬᠥᠳᠡᠯᠮᠥᠷᠢᠯᠡᠬᠦ ᠳᠤ ᠢᠲᠡᠭᠡᠯ ᠬᠥᠴᠥᠨ ᠪᠤᠯᠵᠤ ᠠᠮᠠᠷᠠᠵᠤ ᠬᠡᠪᠳᠡᠬᠦ ᠳᠤ ᠵᠡᠭᠦᠳᠥᠨ ᠳᠤ ᠮᠢᠨᠢ ᠤᠷᠤᠳᠠᠭ ᠶᠤᠮ ᠬᠥᠳᠡᠭᠡ ᠨᠤᠲᠤᠭ ᠤᠨ ᠪᠤᠷᠤᠭᠵᠢᠭᠤᠨ ᠬᠥᠤ ᠬᠥᠳᠡᠯᠮᠤᠷᠢ ᠳᠤ ᠰᠠᠶᠢᠨ ᠢᠳᠡᠷᠭᠦᠨ ᠬᠥᠤ ᠬᠥᠯ ᠬᠥᠩᠬᠡᠨ ᠰᠠᠨᠠᠭ᠎ᠠ ᠴᠠᠶᠢᠯᠭᠠᠨ ᠬᠥᠤ ᠬᠥᠷᠥᠰᠥ ᠰᠢᠷᠤᠢ ᠨᠤᠲᠤᠭ ᠲᠤ ᠪᠠᠨ ᠬᠠᠶᠢᠷᠠᠲᠠᠢ ᠬᠥᠤ ᠠᠮᠢᠳᠤᠷᠠᠯ ᠳᠤ ᠠᠵᠠ ᠵᠢᠷᠭᠠᠯ ᠪᠤᠯᠬᠤ ᠠᠵᠢᠯᠯᠠᠵᠤ ᠰᠠᠭᠤᠬᠤ ᠵᠤᠷᠢᠭ ᠨᠡᠮᠡᠭᠳᠡᠭᠦᠯᠳᠡᠭ ᠴᠡᠴᠡᠭᠮ᠎ᠠ ᠳᠤ ᠪᠠᠨ ᠠᠶᠤᠤᠯᠢᠬᠠᠢ ᠴᠡᠭᠡᠵᠢᠨ ᠤ ᠴᠢᠩ ᠥᠨᠡᠨᠴᠢ ᠬᠠᠶᠢᠷ᠎ᠠ ᠪᠠᠨ ᠠᠶ᠎ᠠ ᠳᠠᠭᠤᠤ ᠪᠠᠷ ᠢᠶᠠᠨ ᠠᠨᠢᠷᠲᠠᠭᠤ ᠢᠯᠡᠴᠢᠯᠡᠳᠡᠭ ᠡᠷᠥᠬᠡ ᠭᠡᠷ ᠢ ᠮᠢᠨᠢ ᠴᠢᠮᠡᠳᠡᠭ  ︵ᠲᠤᠯᠠᠭᠠᠯᠠᠳᠠᠭ︶ ᠢᠷᠡᠭᠡᠳᠥᠢ ᠶᠢᠨ ᠪᠥᠰᠡᠭᠦᠢ ᠴᠡᠴᠡᠭᠮ᠎ᠠ ᠡᠯᠪᠡᠭ ᠬᠤᠷᠢᠶᠠᠯᠲᠠ ᠶᠢᠨ ᠨᠠᠮᠤᠷ ᠲᠤ ᠪᠠᠨ ᠢᠵᠢᠯᠢ ᠬᠤᠨ ᠰᠢᠭ᠋ ᠨᠠᠶᠢᠵᠠᠯᠠᠭᠰᠠᠨ ᠵᠤᠯ ᠵᠢᠷᠭᠠᠯ ᠤᠨ ᠵᠠᠮ ᠳᠤ ᠪᠠᠨ ᠵᠢᠷᠥᠭᠡ ᠰᠡᠳᠬᠢᠯ ᠢᠶᠠᠨ ᠮᠡᠳᠡᠯᠴᠡᠭᠰᠡᠨ ᠵᠢᠷᠠᠨ ᠬᠠᠶᠢᠯᠠᠰᠤ ᠶᠢᠨ ᠤᠷᠤᠭᠤ ᠵᠢᠷᠭᠠᠯᠠᠩ ᠤᠨ ᠠᠳᠢᠰᠤ ᠪᠠᠨ ᠠᠳᠬᠤᠭᠰᠠᠨ ᠵᠢᠷᠭᠠᠯ ᠵᠤᠪᠠᠯᠠᠩ ᠢᠶᠠᠨ ᠬᠠᠮᠲᠤᠳᠬᠠᠭᠰᠠᠨ ᠵᠢᠷᠠᠨ ᠬᠠᠶᠢᠯᠠᠰᠤ ᠮᠡᠲᠤ ᠤᠷᠲᠤ ᠬᠠᠨᠢᠯᠠᠭᠰᠠᠨ ᠵᠠᠶᠠᠭ᠎ᠠ ᠳᠡᠮᠪᠡᠷᠢᠯ ᠤᠨ ᠭᠡᠷ ᠪᠥᠯᠢ ᠪᠤᠯᠤᠭᠰᠠᠨ ᠪᠢᠯᠡ                          ᠡᠵᠡᠨ ᠬᠤᠷᠤᠭ᠎ᠠ ᠬᠤᠰᠢᠭᠤᠨ ᠤ ᠮᠤᠩᠭᠤᠯ                          ᠥᠨᠳᠥᠰᠥᠲᠡᠨ ᠤ ᠳᠤᠮᠳᠠᠳᠤ ᠰᠤᠷᠭᠠᠭᠤᠯᠢ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号