ᠢᠯᠠᠨ᠎ᠠ | | ᠨᠠᠮᠤᠷ ᠤᠨ ᠬᠥᠴᠥᠲᠤ ᠰᠠᠯᠬᠢ ᠮᠢᠨᠤ ᠬᠠᠴᠠᠷ ᠢ ᠨᠢᠭᠤᠷ ᠨᠢᠳᠤ ᠥᠭᠡᠢ ᠬᠥᠴᠥᠲᠠᠢ ᠴᠤᠬᠢᠭᠰᠠᠭᠠᠷ᠂ ᠵᠡᠬᠡᠯᠢ | ᠶᠢᠨ ᠬᠥᠮᠥᠰ ᠴᠤ ᠥᠪᠡᠷ ᠤᠨ ᠡᠷᠭᠡ ᠥᠭᠡᠢ ᠮᠥᠷᠥ ᠪᠠᠨ ᠬᠠᠪᠴᠢᠵᠤ ᠨᠠᠭᠠᠰᠢ ᠴᠠᠭᠠᠰᠢ ᠬᠡᠰᠤᠵᠤ ᠶᠠᠭᠠᠷᠠᠯᠳᠤᠨ᠎ᠠ᠃ | ᠪᠢ ᠴᠤ ᠠᠳᠠᠯᠢᠬᠠᠨ ᠬᠢᠴᠢᠶᠡᠯ ᠠᠴᠠ ᠭᠠᠳᠠᠨᠠᠬᠢ ᠬᠢᠴᠢᠶᠡᠯ ᠢ ᠨᠥᠬᠦᠬᠦ ᠬᠡᠵᠤ ᠴᠡᠭᠡᠵᠢ ᠳᠥᠭᠦᠷᠡᠩ ᠠᠭᠤᠷ ᠲᠠᠢ | ᠶᠠᠪᠤᠨ᠎ᠠ᠃ ᠠᠪᠤ ᠡᠵᠢ ᠮᠢᠨᠢ ᠨᠠᠳᠠ ᠳᠤ ᠲᠥᠢᠯ ᠤᠨ ᠤᠯᠠᠨ ᠬᠢᠴᠢᠶᠡᠯ ᠨᠥᠬᠦᠬᠦ ᠠᠩᠬᠢ ᠤᠯᠵᠤ᠂ ᠭᠠᠷᠠᠭ ᠲᠤ ᠨᠢᠭᠡ | ᠳᠤᠬᠢᠶᠠᠯᠳᠤᠬᠤ ᠠᠮᠠᠷᠠᠯᠲᠠ ᠶᠢᠨ ᠡᠳᠥᠷ ᠢ ᠴᠤ ᠪᠤᠯᠢᠶᠠᠨ ᠠᠪᠴᠤ᠂ ᠨᠠᠮ᠎ᠠ ᠶᠢ ᠬᠢᠴᠢᠶᠡᠯ ᠤᠷᠤᠭᠤᠯᠤᠭᠰᠠᠨ ᠳᠤ | ᠠᠭᠤᠷ ᠬᠥᠷᠥᠨ᠎ᠡ᠃ ᠬᠡᠳᠥᠶᠢᠪᠡᠷ ᠪᠢ ᠲᠡᠲᠡᠨ ᠳᠤ ᠨᠠᠲᠠ ᠳᠤ ᠬᠠᠶᠢᠷᠠᠲᠠᠢ ᠪᠠᠶᠢᠭᠰᠠᠨ ᠠᠴᠠ ᠰᠠᠶ᠋ᠢ ᠮᠢᠨᠤ ᠲᠥᠯᠥᠭᠡ | ᠰᠠᠨᠠᠭᠠᠰᠢᠷᠠᠵᠤ ᠪᠠᠶᠢᠬᠤ ᠶᠢ ᠲᠤᠲᠤᠬᠠᠨ ᠮᠡᠳᠡᠬᠦ ᠪᠤᠯᠪᠠᠴᠤ᠂ ᠬᠠᠰᠢ ᠯᠠ ᠥᠪᠡᠷ ᠤᠨ ᠡᠷᠬᠡ ᠥᠬᠡᠢ ᠲᠡᠲᠡᠨ ᠢ | ᠤᠶᠢᠯᠠᠭᠠᠬᠤ ᠥᠭᠡᠢ ᠪᠤᠯᠵᠤ᠂ ᠨᠡᠩ ᠴᠤ ᠠᠮᠠ ᠪᠤᠯᠢᠶᠠᠯᠳᠠᠬᠤ ᠨᠢ ᠵᠥᠩᠳᠡᠭᠡᠨ᠃ | ᠠᠮᠢᠳᠤᠷᠠᠯ ᠤᠨ ᠵᠠᠮ ᠢᠶᠠᠨ ᠡᠷᠭᠢᠵᠤ ᠬᠠᠷᠠᠬᠤ ᠳᠤ ᠠᠪᠤ ᠡᠵᠢ ᠲᠠᠢ ᠪᠠᠨ ᠬᠠᠮᠲᠤ ᠪᠠᠶᠢᠬᠤ ᠪᠠᠶᠠᠷ | ᠪᠠᠶᠠᠰᠬᠤᠯᠠᠩ ᠤᠯᠠᠨ ᠪᠤᠢ᠃ ᠭᠡᠲᠡᠯ᠎ᠡ ᠪᠢ ᠤᠳᠤ ᠪᠡᠶ᠎ᠡ ᠠᠴᠠ ᠪᠠᠨ ᠪᠢ ᠲᠡᠷᠡ ᠥᠶ᠎ᠡ ᠳᠤ ᠥᠨᠡᠨ ᠬᠦ ᠪᠠᠶᠠᠷᠲᠠᠢ | ᠪᠠᠶᠢᠭᠰᠠᠨ ᠶᠤᠮ ᠤᠤ ᠬᠡᠵᠤ ᠠᠰᠠᠭᠤᠮᠠᠷ ᠪᠠᠶᠢᠨ᠎ᠠ᠃ ᠪᠠᠶᠠᠷ ᠪᠠᠶᠠᠰᠬᠤᠯᠠᠩ ᠲᠡᠶᠢᠮᠤ ᠯᠠ ᠳᠥᠭᠦᠮ ᠪᠠᠶᠢᠭᠰᠠᠨ ᠢ | ᠢᠲᠡᠭᠡᠤ ᠶᠠᠳᠠᠨ᠎ᠠ᠃ ᠡᠵᠢ ᠮᠢᠨᠢ ᠬᠡᠵᠢᠶᠡᠳᠡ᠄ ︽ᠴᠢ ᠳᠡᠭᠦᠥ ᠪᠠᠨ ᠥᠵᠡᠬᠦ ᠥᠬᠡᠢ ᠤᠤ᠂ ᠴᠢ ᠪᠠᠭ᠎ᠠ ᠳᠤ ᠪᠠᠨ | ᠡᠭᠦᠨ ᠠᠴᠠ ᠴᠤ ᠢᠯᠡᠭᠦᠥ ᠳᠤᠷ᠎ᠠ ᠪᠠᠷ ᠠᠭᠠᠰᠢᠯᠠᠵᠤ ᠪᠠᠶᠢᠭᠰᠠᠨ ᠰᠢᠤ︾ ᠬᠡᠵᠤ ᠨᠠᠳᠠ ᠳᠤ ᠬᠡᠯᠡᠨ᠎ᠡ᠃ ᠳᠡᠭᠦᠥ ᠮᠢᠨᠢ | ᠡᠳᠥᠷ ᠪᠤᠯᠭᠠᠨ ᠠᠪᠤ ᠲᠠᠢ ᠮᠢᠨᠢ ᠨᠤᠴᠤᠯᠳᠠᠵᠤ ᠵᠠᠭᠤᠷᠠᠯᠳᠤᠭᠠᠳ ᠪᠠᠶᠢᠬᠤ ᠶᠢ ᠥᠵᠡᠭᠡᠳ ᠮᠢᠨᠤ ᠲᠤᠲᠤᠷ᠎ᠠ ᠬᠡᠵᠢᠶᠡᠳᠡ | ᠠᠷᠭ᠎ᠠ ᠪᠠᠷᠠᠭᠳᠠᠵᠤ᠂ ᠳᠡᠭᠦᠥ ᠶᠢ ᠮᠢᠨᠢ ᠵᠢᠮᠡᠯᠡᠳᠡᠭ ᠲᠤᠯᠠ ᠡᠵᠢ ᠮᠢᠨᠢ ᠨᠠᠳᠠ ᠳᠤ ᠢᠩᠬᠢᠵᠤ ᠬᠡᠯᠡᠳᠡᠭ ᠰᠠᠨ᠃ | ᠭᠡᠳᠡᠯ᠎ᠡ ᠪᠢ ᠤᠳᠤ ᠠᠪᠤ ᠡᠵᠢ ᠲᠠᠢ ᠪᠠᠨ ᠥᠬᠡ ᠳᠠᠭᠤ ᠴᠥᠬᠡᠨ ᠪᠤᠯᠵᠤ᠂ ᠰᠤᠷᠤᠯᠴᠠᠯᠭ᠎ᠠ ᠶᠢᠨ ᠲᠠᠯ᠎ᠠ ᠠᠴᠠ | ᠪᠤᠰᠤᠳ ᠵᠥᠢᠯ ᠢ ᠤᠭᠲᠤ ᠶᠠᠷᠢᠯᠴᠠᠯ ᠥᠬᠡᠢ ᠪᠤᠯᠤᠭᠰᠠᠨ ᠶᠤᠮ᠂ ᠤᠤᠯ ᠳᠤ ᠪᠠᠨ ᠠᠪᠤ ᠲᠠᠢ ᠪᠠᠨ ᠬᠠᠷᠢᠴᠠᠭ᠎ᠠ | ᠲᠡᠶᠢᠮᠤ ᠰᠠᠶᠢᠨ ᠪᠠᠶᠢᠭᠰᠠᠨ ᠢ ᠶᠠᠭ ᠢᠲᠡᠭᠡᠵᠤ ᠶᠠᠳᠠᠨ᠎ᠠ᠃ ᠶᠠᠭᠤ ᠨᠠᠮ᠎ᠠ ᠶᠢ ᠡᠶᠢᠮᠤ ᠶᠡᠭᠡ ᠬᠤᠪᠢᠷᠠᠯᠲᠠ ᠭᠠᠷᠭᠠᠭᠰᠠᠨ | ᠪᠤᠢ ᠭᠡᠵᠤ ᠪᠢ ᠪᠡᠶ᠎ᠡ ᠠᠴᠠ ᠪᠠᠨ ᠠᠰᠠᠭᠤᠨ᠎ᠠ᠂ ᠴᠠᠭ ᠮᠥᠴᠡ ᠮᠥᠨ ᠪᠤᠯᠪᠠᠤ᠂ ᠬᠠᠰᠢ ᠯᠠ ᠪᠢ ᠥᠨᠡᠬᠡᠷ | ᠬᠤᠪᠢᠷᠠᠭᠰᠠᠨ ᠤᠤ᠃ ᠤᠯᠠᠮ ᠳᠡᠭᠡᠭᠰᠢ ᠳᠠᠪᠰᠢᠬᠤ ᠳᠤ ᠠᠪᠤ ᠡᠵᠢ ᠲᠠᠢ ᠪᠠᠨ ᠬᠠᠷᠢᠯᠴᠠᠬᠤ ᠴᠠᠭ ᠤᠯᠠᠮ ᠴᠥᠭᠡᠨ | ᠪᠤᠯᠵᠤ᠂ ᠭᠡᠷ ᠲᠤ ᠪᠠᠨ ᠪᠠᠶᠢᠬᠤ ᠥᠴᠥᠬᠡᠨ ᠴᠠᠭ ᠴᠦ ᠳᠠᠰᠬᠠᠯ ᠨᠤᠮ ᠳᠤ ᠳᠠᠷᠤᠭᠳᠠᠭᠠᠳ᠂ ᠬᠤᠭᠤᠯᠠ ᠢᠳᠡᠬᠦ | ᠠᠴᠠ ᠥᠭᠡᠷ᠎ᠡ ᠴᠠᠭ ᠲᠤ ᠨᠡᠶᠢᠯᠡᠵᠤ ᠰᠠᠭᠤᠭᠠᠳ ᠥᠬᠡ ᠲᠤᠤᠭᠠᠷᠠᠬᠤ ᠬᠡᠵᠤ ᠶᠠᠭ ᠪᠠᠶᠢᠬᠤ ᠥᠬᠡᠢ ᠬᠡᠷᠡᠭ᠃ | ᠠᠪᠤ ᠡᠵᠢ ᠬᠡᠤᠬᠡᠳ ᠲᠤ ᠪᠠᠨ ᠬᠠᠶᠢᠷᠠᠲᠠᠢ ᠪᠠᠶᠢᠬᠤ ᠪᠤᠯ ᠨᠢᠭᠡᠨ ᠵᠠᠪᠠᠯ ᠭᠥᠢᠴᠡᠳᠬᠡᠬᠦ ᠡᠭᠦᠷᠭᠡ ᠮᠡᠲᠤ᠂ | ᠬᠥᠮᠥᠨ ᠪᠤᠯᠭᠠᠨ ᠪᠡᠶᠡᠯᠡᠭᠦᠯᠥᠨ᠎ᠡ᠂ ᠪᠡᠶᠡᠯᠡᠭᠦᠯᠬᠦ ᠶᠢᠨ ᠬᠠᠮᠲᠤ ᠰᠠᠶᠢᠬᠠᠨ ᠬᠠᠷᠢᠭᠤᠴᠠᠯᠭ᠎ᠠ ᠲᠠᠢ ᠪᠡᠶᠡᠯᠡᠭᠦᠯᠥᠯᠨᠡ᠃ | ᠠᠪᠤ ᠡᠵᠢ ᠮᠢᠨᠢ ᠡᠨᠡᠬᠦ ᠡᠭᠦᠷᠭᠡ ᠶᠢᠨ ᠲᠥᠯᠥᠭᠡ ᠮᠠᠷᠠᠶᠢᠨ ᠴᠢᠷᠮᠠᠶᠢᠵᠤ᠂ ᠨᠢᠭᠤᠷ ᠳᠡᠭᠡᠷ᠎ᠡ ᠨᠢ ᠡᠳᠥᠷ ᠪᠤᠯᠭᠠᠨ | ᠨᠡᠮᠡᠭᠳᠡᠵᠤ ᠪᠠᠶᠢᠭ᠎ᠠ ᠥᠷᠴᠢᠯᠡᠭᠡᠰᠤ ᠨᠢ ᠤᠨ ᠵᠢᠯ ᠢ ᠳᠠᠭᠠᠯᠳᠤᠨ ᠠᠷᠪᠢᠰᠴᠤ᠂ ᠰᠡᠳᠬᠢᠯ ᠵᠢᠷᠥᠬᠡ ᠶᠢ ᠮᠢᠨᠢ | ᠰᠢᠮᠰᠢᠷᠡᠭᠦᠯᠥᠨᠡ᠃ ᠲᠠᠨ ᠤ ᠡᠨᠡᠬᠦ ᠠᠷᠢᠭᠤᠨ ᠴᠠᠭᠠᠨ ᠬᠠᠶᠢᠷ᠎ᠠ ᠶᠢ ᠪᠢ ᠤᠳᠤ ᠰᠠᠶ᠋ᠢ ᠮᠡᠳᠡᠵᠤ ᠪᠠᠶᠢᠭ᠎ᠠ ᠨᠢ ᠤᠷᠤᠢ | ᠥᠬᠡᠢ ᠪᠢᠵᠠ ᠳ᠋ᠠ᠃ ᠶᠢᠷᠲᠢᠨᠴᠤ ᠶᠢᠨ ᠠᠯᠢᠪᠠ ᠶᠤᠰᠤ ᠶᠢ ᠪᠥᠷ ᠮᠡᠳᠡᠵᠤ ᠨᠠᠳᠠ ᠶᠢ ᠰᠠᠶᠢᠨ ᠶᠠᠪᠤᠭᠠᠷᠠᠢ ᠭᠡᠰᠡᠨ | ᠲᠠᠨᠠᠷ ᠮᠢᠨᠢ ᠮᠢᠨᠤ ᠲᠥᠯᠥᠭᠡ ᠬᠡᠲᠤ ᠤᠯᠠᠨ ᠰᠠᠨᠠᠭᠠᠰᠢᠷᠠᠵᠤ ᠵᠤᠪᠠᠵᠤ ᠪᠠᠶᠢᠭ᠎ᠠ ᠳᠤ ᠨᠢ ᠤᠷᠤᠢ ᠳᠡᠭᠡᠷ᠎ᠡ ᠨᠢ ᠴᠠᠰᠤᠲᠤ | ᠤᠷᠭᠢᠯ ᠢᠶᠠᠨ ᠳᠠᠭᠤᠷᠢᠶᠠᠨ ᠪᠤᠭᠤᠷᠤᠯᠳᠠᠵᠤ ᠪᠠᠶᠢᠬᠤ ᠳᠤ ᠥᠵᠡᠭᠡᠳ ᠪᠡᠶ᠎ᠡ ᠪᠠᠨ ᠵᠢᠮᠡᠯᠡᠨ᠎ᠡ᠃ ᠳᠠᠨ ᠤ ᠭᠠᠭᠴᠠ ᠬᠦ | ᠬᠥᠰᠡᠯ ᠡᠷᠡᠮᠡᠯᠵᠡᠯ ᠪᠥᠷ ᠮᠢᠨᠤ ᠪᠡᠶ᠎ᠡ ᠳᠡᠭᠡᠷ᠎ᠡ ᠪᠠᠶᠢᠭ᠎ᠠ ᠶᠢ ᠪᠢ ᠴᠤ ᠮᠡᠳᠡᠨ᠎ᠡ᠂ ᠤᠤᠯ ᠤᠨ ᠲᠠᠨ ᠢ ᠠᠭᠤᠷ | ᠬᠥᠷᠭᠡᠭᠰᠡᠨ ᠶᠠᠪᠤᠳᠠᠯ ᠪᠠᠶᠢᠪᠠᠯ ᠵᠠᠯᠠᠭᠤ ᠪᠠᠭ᠎ᠠ ᠨᠠᠳᠠ ᠶᠢ ᠪᠠᠨ ᠠᠭᠤᠴᠢᠯᠠᠬᠤ ᠪᠤᠯᠪᠠᠤ︖ ᠲᠠᠨ ᠤ ᠮᠢᠨᠤ ᠲᠥᠯᠥᠭᠡ | ᠬᠡᠷᠡᠭᠯᠡᠵᠤ ᠪᠠᠶᠢᠭ᠎ᠠ ᠵᠤᠭᠤᠰ ᠮᠥᠩᠬᠦ ᠡᠳ᠋ ᠪᠠᠶᠠᠯᠢᠭ ᠢ ᠪᠢ ᠴᠢᠳᠠᠪᠤᠷᠢ ᠲᠠᠢ ᠪᠤᠯᠤᠭᠰᠠᠨ ᠬᠤᠶᠢᠨ᠎ᠠ ᠳᠠᠬᠢᠨ | ᠪᠤᠴᠠᠭᠠᠵᠤ ᠥᠭᠭᠦᠶ᠎ᠡ ᠪᠤᠯᠬᠤ ᠤᠤ︖ ᠲᠠᠨᠠᠷ ᠮᠢᠨᠤ ᠲᠥᠯᠥᠭᠡ ᠭᠡᠲᠤ ᠠᠷᠪᠢᠨ ᠬᠢᠭᠰᠡᠨ ᠢ ᠪᠢ ᠪᠤᠳᠤᠬᠤ ᠳᠤ ᠪᠡᠶ᠎ᠡ | ᠪᠠᠨ ᠵᠢᠮᠡᠯᠡᠮᠡᠷ᠂ ᠬᠠᠷᠢᠭᠤ ᠳᠤ ᠨᠢ ᠪᠢ ᠶᠠᠭᠤ ᠴᠦ ᠬᠢᠵᠤ ᠴᠢᠳᠠᠬᠤ ᠥᠬᠡᠢ ᠳᠤ ᠪᠠᠨ ᠵᠤᠪᠠᠨ ᠭᠠᠰᠢᠭᠤᠳᠠᠨ᠎ᠠ᠃ | ᠤᠳᠤ ᠶᠠᠭᠤ ᠴᠦ ᠬᠡᠯᠡᠬᠦ ᠥᠬᠡᠢ ᠬᠢᠬᠦ ᠥᠬᠡᠢ ᠪᠤᠯᠪᠠᠴᠤ᠂ ᠠᠪᠤ ᠡᠵᠢ ᠲᠠᠨ ᠳᠤ ᠪᠠᠨ ᠥᠬᠢᠨ ᠨᠢ ᠪᠢ ᠬᠠᠮᠤᠭ ᠠᠴᠠ | ᠬᠠᠶᠢᠷᠠᠲᠠᠢ ᠰᠢᠤ ᠳ᠋ᠠ᠃ | ᠠᠪᠤ ᠡᠵᠢ ᠮᠢᠨᠢ᠂ ᠮᠢᠨᠤ ᠠᠮᠢᠳᠤᠷᠠᠯ ᠤᠨ ᠵᠠᠮ ᠢ ᠬᠡᠷᠡᠯᠲᠥᠭᠦᠯᠥᠭᠰᠡᠨ᠂ ᠮᠢᠨᠤ ᠠᠯᠢᠪᠠ ᠠᠮᠵᠢᠯᠲᠠ ᠶᠢᠨ | ᠬᠤᠶᠢᠨ᠎ᠠ ᠴᠥᠮ ᠠᠪᠤ ᠡᠵᠢ ᠶᠢᠨ ᠬᠠᠶᠢᠷ᠎ᠠ ᠠᠭᠤᠯᠤᠭᠳᠠᠵᠤ ᠪᠠᠶᠢᠭ᠎ᠠ ᠶᠤᠮ᠃ ᠰᠠᠶᠢᠨ ᠠᠪᠤ ᠡᠵᠢ ᠪᠠᠶᠢᠭᠰᠠᠨ ᠠᠴᠠ | ᠬᠠᠶᠢᠷ᠎ᠠ ᠶᠢᠨ ᠠᠮᠲᠠ ᠶᠢ ᠮᠡᠳᠡᠭᠰᠡᠨ᠂ ᠲᠠᠨᠠᠷ ᠤᠨ ᠬᠠᠶᠢᠷ᠎ᠠ ᠪᠤᠯ ᠡᠪᠤᠯ ᠤᠨ ᠴᠡᠴᠡᠭ᠂ ᠡᠳᠥᠷ ᠤᠨ ᠤᠳᠤ ᠮᠡᠳᠤ | ᠠᠯᠲᠠ ᠠᠴᠠ ᠥᠨᠡᠲᠠᠢ ᠥᠪ᠂᠂᠂᠂᠂ | | ᠡᠵᠡᠨ ᠬᠤᠷᠤᠭ᠎ᠠ ᠬᠤᠰᠢᠭᠤᠨ ᠤ ᠮᠤᠩᠭᠤᠯ | ᠥᠨᠳᠥᠰᠥᠲᠡᠨ ᠤ ᠳᠤᠮᠳᠠᠳᠤ ᠰᠤᠷᠭᠠᠭᠤᠯᠢ | | | | | | | | | | | | | | |